ᠬᠥᠪᠰᠥᠭᠥᠯ ᠳᠠᠯᠠᠢ ᠳᠤ ᠵᠢᠪᠤᠭ᠍ᠰᠡᠨ ᠪᠦᠬᠦ ᠮᠠᠰᠢᠨ ᠲᠡᠷᠭᠡ ᠶᠢ ᠭᠠᠷᠭ᠎ᠠ ᠭᠡᠵᠡᠢ | News.MN

ᠬᠥᠪᠰᠥᠭᠥᠯ ᠳᠠᠯᠠᠢ ᠳᠤ ᠵᠢᠪᠤᠭ᠍ᠰᠡᠨ ᠪᠦᠬᠦ ᠮᠠᠰᠢᠨ ᠲᠡᠷᠭᠡ ᠶᠢ ᠭᠠᠷᠭ᠎ᠠ ᠭᠡᠵᠡᠢ

ᠮᠣᠩᠭᠣᠯ ᠤᠯᠤᠰ ᠤᠨ ᠶᠡᠷᠦᠩᠬᠡᠶᠢᠯᠡᠭᠴᠢ ᠤ᠊∙ᠬᠦᠷᠡᠯᠰᠦ᠋ᠬᠡ ᠣᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠲᠤ ᠠᠵᠢᠯᠯᠠᠵᠤ᠂ ᠲᠤᠰ ᠪᠠᠶᠢᠭᠤᠯᠤᠯᠭ᠎ᠠ ᠶᠢᠨ ᠠᠯᠪᠠᠨ ᠬᠠᠭᠠᠭᠴᠢᠳ ᠲᠠᠢ ᠠᠭᠤᠯᠵᠠᠬᠤ ᠳᠤ ᠪᠠᠨ᠄ ᠬᠥᠪᠰᠥᠭᠥᠯ ᠨᠠᠭᠤᠷ ᠲᠤ 35 ᠵᠢᠯ ᠦᠨ ᠡᠮᠦᠨ᠎ᠡ ᠵᠢᠪᠤᠭ᠍ᠰᠡᠨ ︽ᠰᠦᠬᠡᠪᠠᠭᠠᠲᠤᠷ︾ ᠬᠦᠯᠭᠡ ᠣᠩᠭᠣᠴᠠ ᠶᠢ ᠲᠠᠲᠠᠨ ᠭᠠᠷᠭᠠᠬᠤ ᠠᠵᠢᠯ ᠳᠤ ᠣᠨᠴᠠᠭᠠᠢ ᠪᠠᠶᠢᠳᠠᠯ ᠤᠨ ᠪᠡᠶ᠎ᠡ ᠪᠦᠷᠢᠯᠳᠦᠬᠦᠨ ᠠᠮᠵᠢᠯᠲᠠ ᠲᠠᠢ ᠠᠵᠢᠯᠯᠠᠵᠤ᠂ 309 ᠲᠣᠨ ᠵᠢᠩ ᠲᠡᠢ ᠣᠩᠭᠣᠴᠠ ᠶᠢ ᠶᠠᠮᠠᠷ ᠨᠢᠭᠡ ᠣᠰᠣᠯ ᠡᠨᠳᠡᠭᠳᠡᠯ ᠦᠭᠡᠢ ᠲᠠᠲᠠᠵᠤ ᠭᠠᠷᠭᠠᠯ᠎ᠠ᠃ ᠡᠨᠡ ᠪᠣᠯ ᠤᠰᠤᠴᠢᠨ ᠠᠪᠤᠷᠠᠭᠴᠢᠳ ᠲᠤ ᠮᠠᠰᠢ ᠰᠠᠶᠢᠨ ᠰᠤᠷᠭᠠᠭᠤᠯᠢᠯᠲᠠ ᠪᠣᠯᠤᠭᠰᠠᠨ᠃ ᠪᠢ ᠬᠥᠪᠰᠥᠭᠥᠯ ᠳᠠᠯᠠᠢ ᠳᠤ ᠵᠢᠪᠦᠭᠰᠡᠨ ᠲᠧᠭᠨᠢᠭ ᠬᠡᠷᠡᠭᠰᠡᠯ ᠢ ᠲᠠᠲᠠᠵᠤ ᠭᠠᠷᠭᠠᠬᠤ ᠰᠠᠨᠠᠭᠠᠴᠢᠯᠠᠭ᠎ᠠ ᠶᠢ ᠶᠡᠷᠦᠩᠬᠡᠢ ᠰᠠᠶᠢᠳ ᠪᠠᠶᠢᠬᠤ ᠳᠤ ᠪᠠᠨ ᠭᠠᠷᠭᠠᠭᠰᠠᠨ᠃

ᠣᠶᠢᠷ᠎ᠠ ᠶᠢᠨ ᠦᠶ᠎ᠡ ᠳᠦ ᠬᠥᠪᠰᠥᠭᠥᠯ ᠳᠠᠯᠠᠢ ᠳᠤ ᠵᠢᠪᠦᠭᠰᠡᠨ ᠪᠦᠬᠦ ᠮᠠᠰᠢᠨ ᠲᠡᠷᠭᠡ ᠶᠢ ᠲᠠᠲᠠᠵᠤ ᠭᠠᠷᠭᠠᠬᠤ ᠬᠡᠷᠡᠭᠲᠡᠢ᠃ 2024 ᠣᠨ ᠳᠤ ᠬᠥᠪᠰᠥᠭᠥᠯ ᠳᠠᠯᠠᠢ ᠳᠤ ᠵᠢᠪᠦᠭᠰᠡᠨ ᠪᠦᠬᠦ ᠮᠠᠰᠢᠨ ᠲᠡᠷᠭᠡ ᠶᠢ ᠲᠠᠲᠠᠵᠤ ᠭᠠᠷᠭ᠎ᠠ᠃ ᠡᠨᠡ ᠪᠣᠯ ᠵᠡᠪᠰᠡᠭᠲᠦ ᠬᠦᠴᠦᠨ ᠦ ᠶᠡᠷᠦᠩᠬᠡᠢ ᠺᠤᠮᠠᠨᠳ᠋ᠯᠠᠭᠴᠢ ᠶᠢᠨ ᠥᠭᠴᠦ ᠪᠤᠢ ᠡᠭᠦᠷᠭᠡ᠃ ᠡᠭᠦᠨ ᠦ ᠲᠤᠯᠠᠳᠠ ᠱᠠᠭᠠᠷᠳᠠᠯᠭ᠎ᠠ ᠲᠠᠢ ᠲᠣᠨᠣᠭ ᠲᠥᠬᠥᠭᠡᠷᠦᠮᠵᠢ ᠨᠦᠭᠦᠳ ᠢ ᠠᠪᠬᠤ ᠬᠡᠷᠡᠭᠲᠡᠢ ᠭᠡᠪᠡ᠃

ᠰᠡᠳᠬᠢᠭᠳᠡᠯ ᠦᠯᠡᠳᠡᠭᠡᠬᠦ