ᠪᠠᠶᠠᠨ ᠮᠣᠩᠭᠣᠯᠴᠤᠳ ᠫᠢᠶᠠᠨᠰᠠᠨ ᠤ ᠪᠠᠶᠠᠷ ᠢᠶᠠᠨ ᠲᠡᠮᠳᠡᠭᠯᠡᠨ᠎ᠡ | News.MN

ᠪᠠᠶᠠᠨ ᠮᠣᠩᠭᠣᠯᠴᠤᠳ ᠫᠢᠶᠠᠨᠰᠠᠨ ᠤ ᠪᠠᠶᠠᠷ ᠢᠶᠠᠨ ᠲᠡᠮᠳᠡᠭᠯᠡᠨ᠎ᠡ

ᠬᠠᠭᠠᠰ ᠵᠠᠭᠤᠨ ᠤ  ᠲᠡᠤᠬᠡ ᠲᠠᠢ︽ᠪᠠᠶᠠᠨ ᠮᠣᠩᠭᠣᠯ︾ᠴᠢᠭᠤᠯᠭ᠎ᠠ 50 ᠵᠢᠯ ᠦᠨ ᠣᠢ ᠶᠢᠨ ᠫᠢᠶᠠᠨᠰᠠᠨ ᠤ ᠪᠠᠶᠠᠷ ᠢᠶᠠᠨ ᠲᠡᠮᠳᠡᠭᠯᠡᠬᠦ ᠭᠡᠵᠦ ᠪᠠᠶᠢᠨ᠎ᠠ᠃ ᠲᠡᠳᠡ ᠠᠩᠬᠠᠨ ᠤ ᠫᠢᠶᠠᠨᠰᠠ ᠪᠠᠨ 1980 ᠣᠨ ᠳᠤ ᠵᠥᠪᠯᠡᠯᠲᠦ ᠳᠤ ᠬᠡᠪᠯᠡᠭᠦᠯᠵᠦ ᠪᠠᠶᠢᠭᠰᠠᠨ ᠪᠣᠯ ᠰᠢᠨ᠎ᠡ ᠫᠢᠶᠠᠨᠰᠠ ᠪᠠᠨ ᠶᠠᠫᠣᠨ ᠤᠯᠤᠰ ᠲᠤ ᠬᠡᠪᠯᠡᠭᠦᠯᠵᠡᠢ᠃

ᠫᠢᠶᠠᠨᠰᠠ ᠳᠤ︽ᠪᠠᠶᠠᠨ ᠮᠣᠩᠭᠣᠯ︾᠂︽ᠬᠣᠷᠸ᠎ᠠ ᠠᠮᠤᠭᠤᠯᠠᠩ ᠪᠠᠶᠢᠭ︾᠂︽ᠠᠪᠤ ᠳᠤ ᠪᠠᠨ︾᠂︽ᠮᠥᠷᠥᠭᠡᠳᠦᠯ︾᠂︽ᠠᠯᠲᠠᠷᠭᠠᠨ᠎ᠠ︾ᠵᠡᠷᠭᠡ 12 ᠪᠦᠲᠦᠭᠡᠯ ᠪᠠᠭᠲᠠᠭᠰᠠᠨ ᠪᠠ ᠭᠣᠣᠯ ᠣᠨᠴᠠᠯᠢᠭ ᠨᠢ 1980 ᠣᠨ ᠳᠤ ᠬᠡᠪᠯᠡᠭᠦᠯᠵᠦ ᠪᠠᠶᠢᠭᠰᠠᠨ ᠫᠢᠶᠠᠨᠰᠠᠨ ᠳᠤ ᠪᠠᠭᠲᠠᠭᠰᠠᠨ ᠤᠷᠠᠨ ᠪᠦᠲᠦᠭᠡᠯ ᠦᠳ ᠢᠶᠡᠨ ᠰᠢᠨᠡᠴᠢᠯᠡᠨ ᠨᠠᠶᠢᠷᠠᠭᠤᠯᠵᠤ ᠲᠣᠭᠯᠠᠭᠰᠠᠨ ᠶᠤᠮ᠃ ᠡᠳᠦᠭᠡ︽ᠪᠠᠶᠠᠨ ᠮᠣᠩᠭᠣᠯ︾ᠴᠢᠭᠤᠯᠭ᠎ᠠ ᠶᠢᠨ ᠲᠠᠪᠤᠳᠠᠬᠢ ᠦᠶ᠎ᠡ ᠶᠢᠨ ᠤᠷᠠᠨ ᠪᠦᠲᠦᠭᠡᠯᠴᠢᠳ ᠤᠷᠠᠨ ᠪᠦᠲᠦᠭᠡᠯ ᠢᠶᠡᠨ ᠲᠤᠭᠤᠷᠪᠢᠵᠤ ᠪᠠᠶᠢᠨ᠎ᠠ᠃

ᠰᠡᠳᠬᠢᠭᠳᠡᠯ ᠦᠯᠡᠳᠡᠭᠡᠬᠦ