ᠮᠤᠨᠫᠸᠢ ᠪᠤᠨᠳ᠋ 35 ᠮᠢᠨᠦ᠋ᠲ ᠲᠤ ᠠᠷᠠᠯᠵᠢᠶᠠᠯᠠᠭᠳᠠᠵᠤ ᠳᠠᠭᠤᠰᠤᠯ᠎ᠠ | News.MN

ᠮᠤᠨᠫᠸᠢ ᠪᠤᠨᠳ᠋ 35 ᠮᠢᠨᠦ᠋ᠲ ᠲᠤ ᠠᠷᠠᠯᠵᠢᠶᠠᠯᠠᠭᠳᠠᠵᠤ ᠳᠠᠭᠤᠰᠤᠯ᠎ᠠ

ᠮᠣᠩᠭᠣᠯ ᠤᠨ ᠠᠩᠬᠠᠨ ᠤ ᠳ᠋ᠢᠵᠢᠲ᠋ᠠᠯ ᠪᠤᠨᠳ᠋ ᠪᠣᠯᠬᠤ ᠮᠤᠨᠫᠸᠢ ᠪᠤᠨᠳ᠋ ᠤᠨ ᠠᠩᠬᠠᠳᠠᠭᠴᠢ ᠠᠷᠠᠯᠵᠢᠶ᠎ᠠ ᠥᠨᠥᠳᠥᠷ 08᠄00 ᠴᠠᠭ ᠲᠤ ᠨᠡᠭᠡᠭᠡᠭᠳᠡᠵᠦ᠂ 35 ᠮᠢᠨᠦ᠋ᠲ ᠤᠨ ᠳᠣᠲᠣᠷ᠎ᠠ ᠠᠮᠵᠢᠯᠲᠠ ᠲᠠᠢ ᠠᠷᠠᠯᠵᠢᠶᠠᠯᠠᠭᠳᠠᠵᠤ ᠳᠠᠭᠤᠰᠤᠯ᠎ᠠ᠃ ᠮᠤᠨᠫᠸᠢ ᠪᠤᠨᠳ᠋ ᠢ ᠠᠪᠬᠤ ᠳᠤ ᠪᠠᠨ ᠬᠡᠷᠡᠭᠯᠡᠭᠴᠢ ᠭᠠᠭᠴᠠᠬᠠᠨ ᠲᠣᠪᠴᠢ ᠳᠠᠷᠤᠭᠠᠳ ᠬᠡᠳᠦᠬᠡᠨ ᠰᠸᠺᠦ᠋ᠨᠳ᠋ ᠤᠨ ᠳᠣᠲᠣᠷ᠎ᠠ ᠴᠠᠬᠢᠮ ᠮᠥᠩᠭᠥ ᠪᠡᠷ ᠬᠤᠳᠠᠯᠳᠤᠨ ᠠᠪᠤᠯᠲᠠ ᠬᠢᠭᠰᠡᠨ ᠨᠢ ᠳ᠋ᠢᠵᠢᠲ᠋ᠠᠯ ᠪᠤᠨᠳ᠋ ᠦᠨ ᠬᠠᠮᠤᠭ ᠤᠨ ᠭᠣᠣᠯ ᠣᠨᠴᠠᠯᠢᠭ ᠪᠠᠶᠢᠭᠰᠠᠨ ᠶᠤᠮ᠃
ᠮᠣᠪᠢᠹᠢᠨᠠᠨᠰ ᠪᠠᠩᠬᠢ ᠪᠤᠰᠤ ᠰᠠᠩᠬᠦᠦ ᠶᠢᠨ ᠪᠠᠶᠢᠭᠤᠯᠤᠯᠭ᠎ᠠ ᠨᠢ ᠨᠢᠭᠡ ᠪᠦᠷᠢ ᠨᠢ 100000 ᠲᠥᠭᠥᠷᠢᠭ ᠦᠨ ᠨᠡᠷᠡᠯᠡᠭᠰᠡᠨ ᠦᠨ᠎ᠡ ᠪᠦᠬᠦᠢ 10000 ᠰᠢᠷᠬᠡᠭ ᠨᠡᠭᠡᠭᠡᠯᠲᠡ ᠲᠡᠢ ᠪᠤᠨᠳ᠋ ᠢ 12 ᠰᠠᠷ᠎ᠠ ᠶᠢᠨ ᠬᠤᠭᠤᠴᠠᠭ᠎ᠠ ᠲᠠᠢ᠂ ᠵᠢᠯ ᠦᠨ 14 ᠬᠤᠪᠢ ᠶᠢᠨ ᠬᠦᠦ ᠲᠡᠢ ᠪᠡᠷ ᠬᠤᠳᠠᠯᠳᠤᠭᠠᠨ ᠳᠤ ᠭᠠᠷᠭᠠᠭᠰᠠᠨ ᠪᠢᠯᠡ᠃ ᠲᠡᠳᠡ ᠪᠤᠨᠳ᠋ ᠤᠨ ᠠᠷᠠᠯᠵᠢᠶ᠎ᠠ ᠶᠢ ᠮᠣᠩᠭᠣᠯ ᠳᠤ ᠠᠩᠬ᠎ᠠ ᠤᠳᠠᠭ᠎ᠠ ᠳ᠋ᠢᠵᠢᠲ᠋ᠠᠯ ᠰᠢᠢᠳᠦᠯ ᠢᠶᠡᠷ ᠬᠡᠷᠡᠭᠵᠢᠭᠦᠯᠦᠭᠰᠡᠨ ᠨᠢ ᠲᠧᠭᠨᠣᠯᠣᠭᠢ ᠶᠢᠨ ᠰᠢᠢᠳᠦᠯ ᠢ ᠢᠷᠭᠡᠳ ᠲᠦ ᠢᠯᠡᠭᠦᠦ ᠣᠶᠢᠷᠠᠲᠤᠭᠤᠯᠵᠤ᠂ ᠢᠯᠡᠭᠦᠦ ᠣᠯᠠᠨ ᠬᠦᠮᠦᠨ ᠢ ᠬᠠᠮᠤᠷᠤᠭᠤᠯᠬᠤ ᠵᠣᠷᠢᠯᠭ᠎ᠠ ᠲᠠᠢ ᠪᠠᠶᠢᠭᠰᠠᠨ᠃

ᠰᠡᠳᠬᠢᠭᠳᠡᠯ ᠦᠯᠡᠳᠡᠭᠡᠬᠦ