ᠣ᠊∙ᠴᠤᠭᠲᠤᠭᠡᠷᠡᠯ ᠢ ᠨᠠᠮ ᠤᠨ ᠳᠠᠷᠤᠭ᠎ᠠ ᠪᠠᠷ ᠶᠣᠰᠣᠴᠢᠯᠠᠨ ᠪᠠᠲᠤᠯᠠᠯ᠎ᠠ | News.MN

ᠣ᠊∙ᠴᠤᠭᠲᠤᠭᠡᠷᠡᠯ ᠢ ᠨᠠᠮ ᠤᠨ ᠳᠠᠷᠤᠭ᠎ᠠ ᠪᠠᠷ ᠶᠣᠰᠣᠴᠢᠯᠠᠨ ᠪᠠᠲᠤᠯᠠᠯ᠎ᠠ

ᠠᠷᠠᠳᠴᠢᠯᠠᠭᠰᠠᠨ ᠨᠠᠮ ᠤᠨ ᠣᠨᠴᠠ ᠶᠡᠬᠡ ᠬᠤᠷᠠᠯ ᠳᠤ 21 ᠠᠶᠢᠮᠠᠭ᠂ ᠶᠢᠰᠦᠨ ᠳᠡᠭᠦᠷᠭᠡ᠂ ᠳᠥᠷᠪᠡᠨ ᠰᠠᠯᠪᠤᠷᠢ ᠪᠠᠶᠢᠭᠤᠯᠤᠯᠭ᠎ᠠ ᠶᠢᠨ ᠨᠡᠶᠢᠲᠡ 55 ᠲᠥᠯᠥᠭᠡᠯᠡᠭᠴᠢ ᠣᠷᠣᠯᠴᠠᠭᠰᠠᠨ ᠠᠴᠠ ᠦᠨᠳᠦᠰᠦᠨ ᠬᠣᠶᠠᠷ ᠰᠠᠨᠠᠯ ᠭᠠᠷᠭᠠᠪᠠ᠃ ᠡᠭᠦᠨ ᠳᠦ᠂ ᠨᠢᠭᠡ ᠳᠦ ᠳᠡᠭᠡᠳᠦ ᠰᠢᠭᠦᠬᠦ ᠳᠦ ᠮᠠᠷᠭᠤᠭᠠᠨ ᠳᠠᠭᠠᠭᠤᠯᠤᠭᠠᠳ ᠪᠠᠶᠢᠭ᠎ᠠ ᠠᠰᠠᠭᠤᠳᠠᠯ ᠢ ᠣᠨᠴᠠ ᠶᠡᠬᠡ ᠬᠤᠷᠠᠯ ᠢᠶᠠᠷ ᠰᠢᠢᠳᠪᠦᠷᠢᠯᠡᠵᠦ ᠴᠡᠭ ᠲᠠᠯᠪᠢᠬᠤ᠃ ᠬᠣᠶᠠᠷ ᠲᠤ᠂ ᠦᠨᠳᠦᠰᠦᠨ ᠳᠦᠷᠢᠮ ᠳᠦ ᠥᠭᠡᠷᠡᠴᠢᠯᠡᠯᠲᠡ ᠣᠷᠣᠭᠤᠯᠵᠤ ᠨᠠᠮ ᠠᠴᠠ ᠭᠡᠰᠢᠭᠦᠨ ᠬᠥᠭᠡᠭᠡᠳᠡᠭ ᠢ ᠪᠣᠯᠢᠭᠤᠯᠬᠤ᠂ ᠨᠠᠮ ᠠᠴᠠ ᠨᠡᠷ᠎ᠡ ᠳᠡᠪᠰᠢᠬᠦ ᠬᠦᠮᠦᠨ 《ᠲᠣᠭᠣᠨᠣ ᠪᠠᠷ ᠣᠷᠣᠵᠤ》ᠢᠷᠡᠳᠡᠭ ᠪᠢᠰᠢ ᠠᠩᠬᠠᠨ᠂ ᠳᠤᠮᠳᠠ ᠱᠠᠲᠤᠨ ᠠᠴᠠ ᠰᠣᠩᠭᠣᠭᠳᠠᠭᠰᠠᠨᠬᠦᠮᠦᠨ ᠢᠶᠡᠨ ᠨᠡᠷ᠎ᠡ ᠳᠡᠪᠰᠢᠭᠦᠯᠳᠡᠭ ᠪᠣᠯᠬᠤ ᠭᠡᠰᠡᠨ ᠠᠭᠤᠯᠭ᠎ᠠ ᠪᠦᠬᠦᠢ ᠪᠠᠶᠢᠯ᠎ᠠ᠃

ᠲᠡᠶᠢᠮᠦ ᠡᠴᠡ ᠶᠡᠬᠡ ᠬᠤᠷᠠᠯ ᠤᠨ ᠲᠡᠷᠢᠭᠦᠯᠡᠭᠴᠢᠳ ᠳᠣᠯᠣᠭᠠᠨ ᠲᠣᠭᠲᠠᠭᠠᠯ ᠤᠨ ᠲᠥᠰᠥᠯ ᠭᠠᠷᠭᠠᠵᠤ᠂ ᠲᠥᠯᠥᠭᠡᠯᠡᠭᠴᠢᠳ ᠦᠨ ᠰᠠᠨᠠᠯ ᠢᠶᠠᠷ ᠲᠣᠭᠲᠠᠭᠠᠯ ᠤᠨ ᠲᠥᠰᠥᠯ ᠳᠡᠮᠵᠢᠭᠳᠡᠪᠡ᠃ ᠲᠡᠭᠦᠨᠴᠢᠯᠡᠨ ᠠᠷᠠᠳᠴᠢᠯᠠᠭᠰᠠᠨ ᠨᠠᠮ ᠤᠨ ᠳᠠᠷᠤᠭ᠎ᠠ ᠶᠢᠨ ᠴᠠᠬᠢᠮ ᠰᠣᠩᠭᠣᠭᠤᠯᠢ ᠶᠢ ᠬᠦᠴᠦᠨ ᠦᠭᠡᠢ ᠳᠦ ᠲᠣᠭᠠᠴᠠᠵᠤ᠂ ᠤᠯᠤᠰ ᠤᠨ ᠶᠡᠬᠡ ᠬᠤᠷᠠᠯ ᠦᠨ ᠭᠡᠰᠢᠭᠦᠨ ᠣ᠊∙ᠴᠤᠭᠲᠤᠭᠡᠷᠡᠯ  ᠢ ᠠᠷᠠᠳᠴᠢᠯᠠᠭᠰᠠᠨ ᠨᠠᠮ ᠤᠨ ᠳᠠᠷᠤᠭ᠎ᠠ ᠪᠠᠷ ᠶᠣᠰᠣᠴᠢᠯᠠᠨ ᠪᠠᠲᠤᠯᠠᠯ᠎ᠠ᠃

ᠰᠡᠳᠬᠢᠭᠳᠡᠯ ᠦᠯᠡᠳᠡᠭᠡᠬᠦ