ᠬᠠᠩᠭᠠᠷᠢ ᠤᠯᠤᠰ ᠤᠨ ᠨᠡᠶᠢᠰᠯᠡᠯ ᠪᠦᠳ᠋ᠸᠫᠸᠱᠲ ᠬᠣᠲᠠ ᠶᠢᠨ ᠬᠠᠭᠠᠨ ᠤ ᠣᠷᠳᠣᠨ ᠳᠤ ᠶᠢᠰᠦᠨ ᠣᠷᠣᠨ ᠤ ᠡᠷᠳᠡᠮᠲᠡᠳ ᠴᠢᠭᠤᠯᠤᠭᠰᠠᠨ ᠣᠯᠠᠨ ᠤᠯᠤᠰ ᠤᠨ ᠾᠦᠩᠨᠤ ᠰᠤᠳᠤᠯᠤᠯ ᠤᠨ ᠬᠤᠷᠠᠯ ᠪᠣᠯᠵᠠᠢ᠃ ᠤᠭ ᠬᠤᠷᠠᠯ ᠳᠤ ᠮᠠᠨ ᠤ ᠤᠯᠤᠰ ᠠᠴᠠ ᠺᠢᠨᠣ᠋ ᠨᠠᠶᠢᠷᠠᠭᠤᠯᠤᠭᠴᠢ ᠪ ∙ ᠪᠠᠶᠠᠷ 《ᠪᠡᠯᠬᠢ ᠶᠢᠨ ᠠᠮᠠᠨ ᠤ ᠨᠢᠭᠤᠴᠠ》ᠪᠠᠷᠢᠮᠲᠠᠲᠤ ᠺᠢᠨᠣ᠋ ᠪᠠᠷ ᠣᠷᠣᠯᠴᠠᠵᠤ᠂ ᠬᠠᠳᠠᠨ ᠤ ᠰᠢᠯᠢᠳᠡᠭ 40 ᠵᠢᠷᠤᠭ ᠤᠨ ᠦᠵᠡᠰᠬᠦᠯᠡᠩ ᠢᠶᠡᠨ ᠭᠠᠷᠭᠠᠵᠠᠢ᠃
ᠮᠥᠨ ᠬᠤᠷᠠᠯ ᠢᠶᠠᠷ ᠬᠠᠩᠭᠠᠷᠢ ᠤᠯᠤᠰ ᠤᠨ ᠬᠠᠩᠭᠠᠷᠢ ᠰᠤᠳᠤᠯᠤᠯ ᠤᠨ ᠬᠦᠷᠢᠶᠡᠯᠡᠩ ᠨᠢ ᠢᠷᠡᠬᠦ ᠨᠢᠭᠡᠳᠦᠭᠡᠷ ᠰᠠᠷ᠎ᠠ ᠳᠤ ᠮᠣᠩᠭᠣᠯ ᠤᠨ 100 ᠰᠢᠯᠢᠳᠡᠭ ᠬᠠᠳᠠᠨ ᠤ ᠵᠢᠷᠤᠭ ᠢᠶᠠᠷ ᠭᠤᠷᠪᠠᠨ ᠬᠡᠯᠡ ᠳᠡᠭᠡᠷ᠎ᠡ ᠨᠣᠮ ᠭᠠᠷᠭᠠᠬᠤ ᠭᠡᠵᠦ ᠪᠠᠢᠭ᠎ᠠ ᠶᠢ ᠮᠡᠳᠡᠭᠳᠡᠯ᠎ᠡ᠃