ᠬᠤᠪᠢ ᠶᠢᠨ ᠬᠡᠪᠰᠢᠯ ᠦᠨ《ᠨᠢᠭᠡᠳᠦᠭᠰᠡᠨ ᠮᠡᠳᠡᠭᠡᠯᠡᠯ ᠦᠨ ᠰᠠᠩ》ᠪᠦᠷᠢᠳᠦᠭᠦᠯᠦᠨ᠎ᠡ | News.MN

ᠬᠤᠪᠢ ᠶᠢᠨ ᠬᠡᠪᠰᠢᠯ ᠦᠨ《ᠨᠢᠭᠡᠳᠦᠭᠰᠡᠨ ᠮᠡᠳᠡᠭᠡᠯᠡᠯ ᠦᠨ ᠰᠠᠩ》ᠪᠦᠷᠢᠳᠦᠭᠦᠯᠦᠨ᠎ᠡ

ᠠᠵᠤ ᠠᠬᠤᠢ ᠶᠢᠨ ᠨᠢᠭᠡᠴᠢ᠂ ᠪᠠᠶᠢᠭᠤᠯᠤᠯᠭ᠎ᠠ ᠶᠢᠨ ᠡᠨᠡ ᠣᠨ ᠤ ᠤᠯᠤᠰ ᠤᠨ ᠲᠣᠭᠠᠯᠠᠯᠭ᠎ᠠ ᠡᠬᠢᠯᠡᠵᠦ ᠪᠤᠢ ᠲᠠᠯ᠎ᠠ ᠪᠠᠷ ᠦᠨᠳᠦᠰᠦᠨ ᠦ ᠰᠲ᠋ᠠᠲ᠋ᠢᠰᠲ᠋ᠢᠺ ᠤᠨ ᠬᠤᠷᠢᠶ᠎ᠠ ᠥᠨᠥᠳᠥᠷ ᠮᠡᠳᠡᠭᠡᠯᠡᠯ᠎ᠡ᠃ ᠡᠨᠡ ᠣᠨ ᠤ ᠠᠷᠪᠠᠳᠤᠭᠠᠷ ᠰᠠᠷ᠎ᠠ ᠶᠢᠨ ᠨᠢᠭᠡᠨ ᠡᠴᠡ ᠡᠮᠦᠨ᠎ᠡ ᠮᠣᠩᠭᠣᠯ ᠤᠯᠤᠰ ᠤᠨ ᠨᠤᠲᠤᠭ ᠳᠡᠪᠢᠰᠬᠡᠷ ᠲᠦ ᠡᠭᠦᠰᠦᠨ ᠪᠠᠶᠢᠭᠤᠯᠤᠭᠰᠠᠨ ᠥᠮᠴᠢ ᠶᠢᠨ ᠪᠦᠬᠦ ᠬᠡᠯᠪᠡᠷᠢ ᠶᠢᠨ ᠠᠵᠤ ᠠᠬᠤᠢ ᠶᠢᠨ ᠨᠢᠭᠡᠴᠢ᠂ ᠪᠠᠶᠢᠭᠤᠯᠤᠯᠭ᠎ᠠ᠂  ᠬᠤᠪᠢ ᠪᠠᠷ ᠢᠶᠠᠨ ᠬᠥᠳᠡᠯᠮᠦᠷᠢ ᠡᠷᠬᠢᠯᠡᠭᠴᠢᠳ ᠬᠠᠮᠤᠷᠤᠭᠳᠠᠬᠤ ᠶᠤᠮ᠃

ᠬᠠᠤᠯᠢ ᠳᠤ ᠵᠢᠭᠠᠭᠰᠠᠨ ᠤ ᠳᠠᠭᠠᠤ ᠲᠠᠪᠤᠨ ᠵᠢᠯ ᠲᠤᠲᠤᠮ ᠳᠤ ᠠᠵᠤ ᠠᠬᠤᠢ ᠶᠢᠨ ᠨᠢᠭᠡᠴᠢ ᠨᠦᠭᠦᠳ ᠢ ᠲᠣᠭᠠᠯᠠᠳᠠᠭ᠃ ᠡᠨᠡ ᠤᠳᠠᠭ᠎ᠠ ᠶᠢᠨ ᠡᠭᠡᠯᠵᠢᠲᠦ ᠲᠣᠭᠠᠯᠠᠯᠭ᠎ᠠ ᠶᠢ 100 ᠬᠤᠪᠢ ᠴᠠᠬᠢᠮ ᠬᠡᠯᠪᠡᠷᠢ ᠪᠡᠷ  toollogo.1212.mn ᠰᠠᠢᠲ ᠢᠶᠠᠷ ᠥᠨᠥᠳᠥᠷ ᠡᠴᠡ ᠡᠬᠢᠯᠡᠨ ᠡᠨᠡ ᠣᠨ ᠤ 12 ᠳ᠋ᠤᠭᠠᠷ ᠰᠠᠷ᠎ᠠ ᠶᠢᠨ ᠨᠢᠭᠡᠨ ᠬᠦᠷᠲᠡᠯ᠎ᠡ ᠵᠣᠬᠢᠶᠠᠨ ᠪᠠᠶᠢᠭᠤᠯᠵᠤ ᠪᠤᠢ ᠶᠢ ᠦᠨᠳᠦᠰᠦᠨ ᠦ ᠰᠲ᠋ᠠᠲ᠋ᠢᠰᠲ᠋ᠢᠺ ᠤᠨ ᠬᠤᠷᠢᠶ᠎ᠠ ᠶᠢᠨ ᠳᠠᠷᠤᠭ᠎ᠠ ᠳ∙ᡀᠠᠮᠣᠰᠦ᠋ᠷᠦᠩ ᠲᠤᠳᠤᠳᠬᠠᠯ᠎ᠠ᠃ ᠤᠯᠤᠰ ᠤᠨ ᠪᠦᠷᠢᠳᠬᠡᠯ ᠦᠨ ᠶᠡᠷᠦᠩᠬᠡᠢ ᠭᠠᠵᠠᠷ ᠤᠨ ᠬᠠᠤᠯᠢ ᠶᠢᠨ ᠡᠲᠡᠭᠡᠳ ᠦᠨ ᠪᠦᠷᠢᠳᠬᠡᠯ ᠦᠨ ᠭᠠᠵᠠᠷ ᠲᠤ ᠪᠦᠷᠢᠳᠬᠡᠯ  ᠦᠭᠡᠢ ᠤᠯᠤᠰ ᠲᠥᠷᠥ ᠶᠢᠨ ᠨᠠᠮ᠂ ᠰᠠᠭᠤᠴᠠ ᠥᠮᠴᠢᠯᠡᠭᠴᠢᠳ ᠦᠨ ᠬᠣᠯᠪᠣᠭ᠎ᠠ ᠂ ᠣᠯᠠᠨ ᠤᠯᠤᠰ ᠤᠨ ᠪᠠᠶᠢᠭᠤᠯᠤᠯᠭ᠎ᠠ ᠶᠢ ᠬᠠᠮᠤᠷᠤᠭᠤᠯᠬᠤ ᠶᠢ ᠮᠥᠨ ᠣᠨᠴᠠᠯᠠᠯ᠎ᠠ᠃

ᠰᠡᠳᠬᠢᠭᠳᠡᠯ ᠦᠯᠡᠳᠡᠭᠡᠬᠦ