ᠤ᠊∙ᠬᠦᠷᠡᠯᠰᠦ᠋ᠬᠡ᠄ ᠴᠢᠩᠭᠢᠰ ᠬᠠᠭᠠᠨ ᠰᠤᠳᠤᠯᠤᠯ ᠤᠨ ᠣᠯᠠᠨ ᠤᠯᠤᠰ ᠤᠨ ᠬᠣᠯᠪᠣᠭ᠎ᠠ ᠪᠠᠶᠢᠭᠤᠯᠤᠨ᠎ᠠ | News.MN

ᠤ᠊∙ᠬᠦᠷᠡᠯᠰᠦ᠋ᠬᠡ᠄ ᠴᠢᠩᠭᠢᠰ ᠬᠠᠭᠠᠨ ᠰᠤᠳᠤᠯᠤᠯ ᠤᠨ ᠣᠯᠠᠨ ᠤᠯᠤᠰ ᠤᠨ ᠬᠣᠯᠪᠣᠭ᠎ᠠ ᠪᠠᠶᠢᠭᠤᠯᠤᠨ᠎ᠠ

ᠶᠡᠬᠡ ᠡᠵᠡᠨ ᠴᠢᠩᠭᠢᠰ ᠬᠠᠭᠠᠨ ᠤ ᠮᠡᠨᠳᠦᠯᠡᠭᠰᠡᠨ ᠦ 859 ᠵᠢᠯ ᠦᠨ ᠣᠢ ᠶᠢ ᠲᠣᠬᠢᠶᠠᠯᠳᠤᠭᠤᠯᠤᠨ ᠮᠣᠩᠭᠣᠯ ᠤᠯᠤᠰ ᠤᠨ ᠶᠡᠷᠦᠩᠬᠡᠶᠢᠯᠡᠭᠴᠢ ᠤ᠊∙ᠬᠦᠷᠡᠯᠰᠦ᠋ᠬᠡ ᠮᠡᠨᠳᠦᠴᠢᠯᠡᠭᠡ ᠳᠡᠪᠰᠢᠭᠦᠯᠦᠯ᠎ᠡ᠃ ᠤᠭ ᠮᠡᠨᠳᠦᠴᠢᠯᠡᠭᠡ ᠶᠢ ᠪᠦᠷᠢᠨ ᠡᠬᠡ ᠪᠡᠷ ᠨᠢ ᠬᠦᠷᠭᠡᠶ᠎ᠡ᠄
ᠮᠣᠩᠭᠣᠯ ᠲᠤᠭᠤᠷᠭᠠᠲᠠᠨ ᠠᠬᠠᠨ ᠳᠡᠭᠦᠦᠰ ᠲᠦ ᠪᠡᠨ《ᠮᠣᠩᠭᠣᠯ ᠪᠠᠬᠠᠷᠬᠠᠯ ᠤᠨ ᠡᠳᠦᠷ》 ᠦᠨ ᠪᠠᠶᠠᠷ ᠤᠨ ᠮᠡᠨᠳᠦ ᠶᠢ ᠡᠷᠭᠦᠨ ᠳᠡᠪᠰᠢᠭᠦᠯᠦᠶ᠎ᠡ᠃ ᠳᠡᠯᠡᠬᠡᠢ ᠶᠢᠷᠲᠢᠨᠴᠦ ᠳᠦ ᠰᠦᠷ ᠬᠦᠴᠦ ᠪᠡᠷ ᠢᠶᠡᠨ ᠭᠠᠶᠢᠬᠠᠭᠳᠠᠵᠤ᠂ ᠰᠤᠤ ᠠᠯᠳᠠᠷ ᠢᠶᠠᠨ ᠮᠥᠩᠬᠡᠯᠡᠭᠰᠡᠨ ᠠᠤᠭ᠎ᠠ ᠬᠦᠴᠦᠷᠬᠡᠭ ᠡᠪᠦᠭᠡ ᠳᠡᠭᠡᠳᠦᠰ ᠢᠶᠡᠷ ᠢᠶᠡᠨ ᠪᠢᠳᠡ ᠪᠦᠬᠦᠨ ᠪᠠᠬᠠᠷᠬᠠᠬᠤ ᠶᠣᠰᠣᠲᠠᠢ ᠠᠷᠠᠳ ᠲᠦᠮᠡᠨ᠃ ᠣᠳᠣ ᠠᠴᠠ 859 ᠵᠢᠯ ᠦᠨ ᠡᠮᠦᠨ᠎ᠡ ᠲᠡᠮᠦᠵᠢᠨ – ᠶᠡᠬᠡ ᠡᠵᠡᠨ ᠴᠢᠩᠭᠢᠰ ᠬᠠᠭᠠᠨ ᠮᠡᠯᠮᠡᠢ ᠭᠡᠶᠢᠵᠦ᠂《ᠮᠣᠩᠭᠣᠯ》ᠬᠡᠮᠡᠬᠦ ᠨᠡᠷ᠎ᠡ ᠶᠢ ᠳᠡᠯᠡᠬᠡᠢ ᠶᠢᠨ ᠲᠡᠦᠬᠡᠨ ᠳᠦ ᠲᠠᠮᠠᠭᠠᠯᠠᠨ ᠦᠯᠡᠳᠡᠭᠡᠭᠰᠡᠨ ᠮᠢᠩᠭᠠᠨ ᠤ ᠰᠤᠤᠲᠤ ᠬᠦᠮᠦᠨ ᠪᠢᠯᠡ᠃
ᠠᠤᠭ᠎ᠠ ᠬᠦᠴᠦᠷᠬᠡᠭ ᠡᠪᠦᠭᠡ ᠳᠡᠭᠡᠳᠦᠰ ᠦᠨ ᠢᠶᠡᠨ ᠰᠦᠷ ᠬᠦᠴᠦᠨ ᠳᠦ ᠪᠢᠳᠡ ᠲᠤᠭᠤᠷᠭ᠎ᠠ ᠲᠤᠰᠠᠭᠠᠷ ᠮᠣᠩᠭᠣᠯ ᠤᠯᠤᠰ ᠢᠶᠠᠨ ᠮᠠᠨᠳᠤᠭᠤᠯᠵᠤ᠂ ᠪᠠᠬᠠᠳᠤᠮ᠎ᠠ ᠲᠡᠦᠬᠡ᠂ ᠪᠠᠶᠢᠭᠤᠯᠤᠭᠰᠠᠨ ᠭᠠᠪᠢᠶ᠎ᠠ ᠪᠠᠷ ᠨᠢ ᠣᠪᠤᠭᠯᠠᠨ ᠳᠡᠯᠡᠬᠡᠢ ᠶᠢᠨ ᠤᠯᠤᠰ ᠣᠷᠣᠨ ᠨᠤᠭᠤᠳ ᠲᠠᠢ ᠡᠩ ᠵᠡᠷᠭᠡᠴᠡᠨ ᠣᠷᠣᠰᠢᠵᠤ ᠪᠠᠶᠢᠨ᠎ᠠ᠃ ᠥᠨᠥ ᠶᠢᠨ ᠮᠣᠩᠭᠣᠯ ᠤᠯᠤᠰ ᠲᠡᠳᠦᠢ ᠦᠭᠡᠢ᠂ ᠳᠡᠯᠡᠬᠡᠢ ᠶᠢᠨ ᠬᠦᠮᠦᠨ ᠲᠥᠷᠥᠯᠬᠢᠲᠡᠨ ᠦ ᠬᠥᠭᠵᠢᠯ ᠴᠡᠴᠡᠭᠯᠡᠯᠲᠡ᠂ ᠣᠯᠤᠯᠲᠠ ᠠᠮᠵᠢᠯᠲᠠ ᠶᠢ ᠡᠵᠡᠨ ᠴᠢᠩᠭᠢᠰ ᠬᠠᠭᠠᠨ ᠦᠭᠡᠢ ᠪᠡᠷ ᠲᠥᠰᠥᠭᠡᠯᠡᠬᠦ ᠶᠢᠨ ᠠᠷᠭ᠎ᠠ ᠦᠭᠡᠢ᠃ ᠶᠡᠬᠡ ᠡᠵᠡᠨ ᠴᠢᠩᠭᠢᠰ ᠬᠠᠭᠠᠨ ᠨᠡᠭᠦᠳᠡᠯᠴᠢᠳ ᠦᠨ ᠰᠤᠶᠤᠯ ᠢ ᠰᠤᠶᠤᠯ ᠢᠷᠭᠡᠨᠰᠢᠯ ᠪᠣᠯᠭᠠᠨ ᠬᠥᠭᠵᠢᠭᠦᠯᠦᠭᠰᠡᠨ ᠪᠥᠭᠡᠳ ᠡᠭᠦᠨ ᠢ ᠥᠨᠥᠳᠥᠷ ᠳᠡᠯᠡᠬᠡᠢ ᠶᠢᠷᠲᠢᠨᠴᠦ ᠳᠦ ᠨᠡᠭᠦᠳᠡᠯ ᠦᠨ ᠰᠤᠶᠤᠯ ᠢᠷᠭᠡᠨᠰᠢᠯ ᠬᠡᠮᠡᠨ ᠨᠡᠷᠡᠯᠡᠳᠡᠭ᠃
ᠳᠡᠯᠡᠬᠡᠢ ᠶᠢᠨ ᠲᠡᠦᠬᠡᠨ ᠳᠦ ᠣᠯᠠᠨ ᠰᠤᠶᠤᠯ ᠪᠠᠶᠢᠳᠠᠭ ᠪᠣᠯᠪᠠᠴᠤ ᠰᠤᠶᠤᠯ ᠢᠷᠭᠡᠨᠰᠢᠯ ᠴᠥᠭᠡᠬᠡᠨ᠃ ᠤᠴᠢᠷ ᠨᠢ ᠳᠡᠯᠡᠬᠡᠢ ᠶᠢᠨ ᠪᠦᠬᠦ ᠦᠨᠳᠦᠰᠦᠲᠡᠨ᠂ ᠤᠭᠰᠠᠭᠠᠲᠠᠨ ᠲᠡᠷᠡ ᠪᠦᠷ ᠰᠤᠶᠤᠯ ᠢᠷᠭᠡᠨᠰᠢᠯ ᠪᠦᠲᠦᠭᠡᠵᠦ ᠴᠢᠳᠠᠭ᠎ᠠ ᠦᠭᠡᠢ ᠶᠤᠮ᠃ ᠰᠤᠶᠤᠯ ᠢᠷᠭᠡᠨᠰᠢᠯ ᠭᠡᠳᠡᠭ ᠪᠣᠯ ᠣᠯᠠᠨ ᠤᠭᠰᠠᠭᠠᠲᠠᠨ᠂ ᠣᠪᠤᠭ ᠠᠶᠢᠮᠠᠭ ᠢ ᠨᠢᠭᠡᠳᠬᠡᠭᠰᠡᠨ ᠥᠷᠭᠡᠨ ᠠᠭᠤᠳᠠᠮ ᠨᠤᠲᠤᠭ ᠲᠠᠢ᠂ ᠪᠢᠴᠢᠭ ᠰᠤᠶᠤᠯ ᠲᠠᠢ᠂ ᠬᠠᠤᠯᠢ ᠶᠣᠰᠣ᠂ ᠲᠥᠷᠥ ᠵᠠᠰᠠᠭ ᠲᠠᠢ᠂ ᠦᠵᠡᠯ ᠰᠠᠨᠠᠭ᠎ᠠ᠂ ᠦᠨᠡᠲᠦ ᠵᠦᠢᠯ ᠲᠡᠢ᠂ ᠤᠯᠠᠮᠵᠢᠯᠠᠯ ᠰᠢᠨᠡᠴᠢᠯᠡᠯ ᠢ ᠬᠣᠣᠰᠯᠠᠭᠤᠯᠤᠭᠰᠠᠨ ᠥᠪᠡᠷᠮᠢᠴᠡ ᠣᠨᠴᠠᠯᠢᠭ ᠲᠠᠢ ᠴᠣᠭᠴᠠ ᠣᠶᠢᠯᠠᠭᠠᠯᠲᠠ ᠶᠤᠮ᠃
ᠴᠢᠩᠭᠢᠰ ᠬᠠᠭᠠᠨ ᠤ ᠴᠤᠭᠴᠠᠯᠠᠨ ᠬᠥᠭᠵᠢᠭᠦᠯᠦᠭᠰᠡᠨ ᠨᠡᠭᠦᠳᠡᠯ ᠦᠨ ᠰᠤᠶᠤᠯ ᠢᠷᠭᠡᠨᠰᠢᠯ ᠴᠤᠬᠤᠮ ᠬᠦ ᠡᠨᠡ ᠪᠦᠬᠦᠨ ᠢ ᠪᠠᠭᠲᠠᠭᠠᠵᠤ ᠴᠢᠳᠠᠭᠰᠠᠨ ᠪᠢᠯᠡ᠃ ᠲᠡᠶᠢᠮᠦ ᠡᠴᠡ ᠳᠠᠶᠠᠭᠠᠷᠰᠢᠯ ᠤᠨ ᠳᠠᠪᠠᠯᠭᠠᠨ ᠳᠤ ᠢᠵᠢᠯᠢᠰᠬᠦ ᠡᠴᠡ ᠭᠠᠳᠠᠨ᠎ᠠ ᠣᠨᠳᠣᠣᠰᠢᠵᠤ ᠪᠠᠶᠢᠭ᠎ᠠ ᠡᠨᠡ ᠴᠠᠭ ᠦᠶ᠎ᠡ ᠳᠦ ᠮᠣᠩᠭᠣᠯᠴᠤᠳ ᠪᠢᠳᠡ ᠣᠯᠠᠨ ᠵᠠᠭᠤᠨ ᠤ ᠲᠤᠷᠰᠢᠳᠠ ᠣᠷᠣᠰᠢᠨ ᠲᠣᠭᠲᠠᠨᠢᠵᠤ ᠢᠷᠡᠭᠰᠡᠨ ᠮᠣᠩᠭᠣᠯ ᠰᠤᠶᠤᠯ ᠢᠷᠭᠡᠨᠰᠢᠯ ᠢᠶᠡᠨ ᠳᠡᠭᠡᠳᠦᠯᠡᠨ ᠬᠥᠭᠵᠢᠭᠦᠯᠬᠦ ᠤᠴᠢᠷ ᠲᠠᠢ᠃
ᠴᠢᠩᠭᠢᠰ ᠬᠠᠭᠠᠨ ᠪᠣᠯᠤᠨ ᠲᠡᠭᠦᠨ ᠦ ᠵᠠᠯᠭᠠᠮᠵᠢᠯᠠᠭᠴᠢᠳ ᠤᠨ ᠪᠤᠢ ᠪᠣᠯᠭᠠᠭᠰᠠᠨ ᠮᠣᠩᠭᠣᠯ ᠰᠤᠶᠤᠯ ᠢᠷᠭᠡᠨᠰᠢᠯ ᠡᠸᠦ᠋ᠷᠤ᠋ ᠠᠽᠢ ᠳᠤ ᠡᠩᠬᠡ ᠲᠠᠶᠢᠪᠤᠩ  ᠢ ᠲᠣᠭᠲᠠᠭᠠᠭᠰᠠᠨ ᠨᠢ ᠳᠡᠯᠡᠬᠡᠢ ᠶᠢᠨ ᠲᠡᠦᠬᠡᠨ ᠳᠦ 《ᠮᠣᠩᠭᠣᠯ ᠤᠨ ᠶᠡᠬᠡ ᠠᠮᠤᠷ ᠠᠮᠤᠭᠤᠯᠠᠩ》 ᠪᠤᠶᠤ 《ᠫᠠᠺᠰ ᠮᠣᠩᠭᠣᠯᠢᠺᠠ》 ᠬᠡᠮᠡᠨ ᠨᠡᠷᠡᠯᠡᠭᠳᠡᠨ ᠦᠯᠡᠳᠡᠭᠰᠡᠨ ᠲᠡᠦᠬᠡ ᠲᠡᠢ᠃ 《ᠮᠣᠩᠭᠣᠯ ᠤᠨ ᠶᠡᠬᠡ ᠠᠮᠤᠷ ᠠᠮᠤᠭᠤᠯᠠᠩ》 ᠪᠣᠯ ᠳᠡᠯᠡᠬᠡᠢ ᠶᠢᠨ ᠲᠡᠦᠬᠡᠨ ᠳ᠋ᠡᠬᠢ 《 ᠷᠤᠮᠠ ᠶᠢᠨ ᠶᠡᠬᠡ ᠠᠮᠤᠷ ᠠᠮᠤᠭᠤᠯᠠᠩ》 ᠠᠴᠠ ᠬᠣᠶᠢᠰᠢ ᠣᠯᠠᠨ ᠵᠢᠯ ᠦᠨ ᠳᠠᠷᠠᠭ᠎ᠠ ᠲᠣᠭᠲᠠᠭᠰᠠᠨ ᠭᠤᠷᠪᠠᠳᠠᠬᠢ ᠶᠡᠬᠡ ᠠᠮᠤᠷ ᠠᠮᠤᠭᠤᠯᠠᠩ ᠭᠡᠳᠡᠭ᠃ ᠡᠵᠡᠨ ᠬᠠᠭᠠᠨ ᠤ ᠪᠠᠶᠢᠭᠤᠯᠤᠭᠰᠠᠨ ᠡᠨᠡ《ᠶᠡᠬᠡ ᠠᠮᠤᠷ ᠠᠮᠤᠭᠤᠯᠠᠩ》ᠠᠽᠢᠶ᠎ᠠ᠂ ᠧᠦ᠋ᠷᠣᠫᠠ ᠲᠢᠪ ᠢ ᠳᠠᠮᠨᠠᠭᠰᠠᠨ ᠠᠰᠤᠷᠤ ᠥᠷᠭᠡᠨ ᠠᠭᠤᠳᠠᠮ ᠨᠤᠲᠤᠭ ᠢ ᠡᠵᠡᠯᠡᠵᠦ ᠪᠠᠶᠢᠭᠰᠠᠨ ᠪᠥᠭᠡᠳ ᠴᠠᠭ ᠬᠤᠭᠤᠴᠠᠭᠠᠨ ᠤ ᠬᠤᠪᠢ ᠳᠤ ᠬᠠᠮᠤᠭ ᠤᠨ ᠪᠠᠭ᠎ᠠ ᠪᠠᠷ ᠪᠣᠳᠣᠬᠤ ᠳᠤ ᠬᠠᠭᠠᠰ ᠵᠠᠭᠤᠨ ᠵᠢᠯ ᠦᠷᠭᠦᠯᠵᠢᠯᠡᠭᠰᠡᠨ ᠪᠠᠶᠢᠳᠠᠭ᠃ ᠤᠷᠲᠤ ᠤᠳᠠᠭᠠᠨ ᠬᠤᠭᠤᠴᠠᠭᠠᠨ ᠳᠤ ᠳᠠᠶᠢᠨ ᠳᠠᠵᠢᠨ ᠦᠭᠡᠢ ᠠᠮᠤᠷ ᠠᠮᠤᠭᠤᠯᠠᠩ ᠪᠠᠶᠢᠭᠰᠠᠨ ᠤ ᠬᠦᠴᠦᠨ ᠳᠦ ᠠᠽᠢᠶ᠎ᠠ᠂ ᠧᠦ᠋ᠷᠣᠫᠠ ᠶᠢ ᠬᠣᠯᠪᠣᠭᠰᠠᠨ ᠬᠤᠳᠠᠯᠳᠤᠭ᠎ᠠ ᠨᠠᠶᠢᠮᠠᠭ᠎ᠠ᠂ ᠳ᠋ᠢᠫᠯᠣᠮᠠᠲ ᠬᠠᠷᠢᠯᠴᠠᠭ᠎ᠠ ᠬᠥᠭᠵᠢᠭᠡᠳ ᠵᠣᠭᠰᠣᠬᠤ ᠦᠭᠡᠢ ᠬᠦᠮᠦᠨ ᠲᠥᠷᠥᠯᠬᠢᠲᠡᠨ ᠦ ᠬᠥᠭᠵᠢᠯ ᠳᠡᠪᠰᠢᠯ ᠳᠦ ᠦᠨᠡᠯᠡᠵᠦ ᠪᠠᠷᠠᠰᠢ ᠦᠭᠡᠢ ᠬᠤᠪᠢ ᠨᠡᠮᠡᠷᠢ ᠣᠷᠣᠭᠤᠯᠤᠭᠰᠠᠨ ᠶᠤᠮ᠃
ᠲᠡᠶᠢᠮᠦ ᠡᠴᠡ ᠡᠵᠡᠨ ᠴᠢᠩᠭᠢᠰ ᠬᠠᠭᠠᠨ ᠪᠣᠯᠤᠨ ᠲᠡᠭᠦᠨ ᠦ ᠵᠠᠯᠭᠠᠮᠵᠢᠯᠠᠭᠴᠢᠳ ᠡᠵᠡᠯᠡᠨ ᠲᠦᠷᠢᠮᠡᠭᠡᠶᠢᠯᠡᠭᠴᠢᠳ ᠪᠤᠰᠤ ᠬᠠᠷᠢᠨ ᠠᠮᠤᠷ ᠠᠮᠤᠭᠤᠯᠠᠩ ᠢ ᠲᠣᠭᠲᠠᠭᠠᠵᠤ᠂ ᠰᠤᠶᠤᠯ ᠢᠷᠭᠡᠨᠰᠢᠯ ᠢ ᠪᠠᠶᠢᠭᠤᠯᠵᠤ᠂ ᠳᠡᠯᠡᠬᠡᠢ ᠶᠢᠨ ᠬᠥᠭᠵᠢᠯ ᠢ ᠲᠦᠭᠦᠴᠡᠯᠡᠭᠴᠢᠳ ᠪᠠᠶᠢᠭᠰᠠᠨ ᠶᠤᠮ᠃ ᠥᠨᠥᠳᠥᠷ ᠪᠢᠳᠡ ᠡᠨᠡ ᠦᠨᠡᠨ ᠪᠣᠳᠠᠲᠤ ᠲᠡᠦᠬᠡ ᠶᠢ ᠬᠦᠮᠦᠨ ᠲᠥᠷᠥᠯᠬᠢᠲᠡᠨ ᠳᠦ ᠰᠤᠷᠲᠠᠯᠴᠢᠯᠠᠨ ᠲᠠᠨᠢᠭᠤᠯᠬᠤ ᠶᠢᠨ ᠲᠤᠯᠠᠳᠠ ᠰᠤᠶᠤᠯ ᠤᠷᠠᠯᠢᠭ᠂ ᠰᠤᠶᠤᠯ ᠤᠨ ᠪᠦᠲᠦᠭᠡᠯᠴᠢ ᠦᠢᠯᠡᠳᠪᠦᠷᠢᠯᠡᠯ ᠢᠶᠡᠨ ᠬᠥᠭᠵᠢᠭᠦᠯᠦᠨ᠂ ᠬᠣᠯᠪᠣᠭᠳᠠᠬᠤ ᠰᠢᠨᠵᠢᠯᠡᠬᠦ ᠤᠬᠠᠭᠠᠨ ᠤ ᠰᠠᠯᠪᠤᠷᠢ ᠨᠤᠭᠤᠳ ᠢᠶᠠᠨ ᠣᠯᠠᠨ ᠤᠯᠤᠰ ᠤᠨ ᠲᠦᠪᠰᠢᠨ ᠳᠦ ᠬᠦᠷᠭᠡᠬᠦ ᠵᠠᠶᠢᠯᠠᠰᠢ ᠦᠭᠡᠢ ᠱᠠᠭᠠᠷᠳᠠᠯᠭ᠎ᠠ ᠲᠠᠢ ᠪᠠᠶᠢᠨ᠎ᠠ᠃ ᠡᠨᠡ ᠠᠵᠢᠯ ᠤᠨ ᠬᠦᠷᠢᠶᠡᠨ ᠳᠦ《ᠴᠢᠩᠭᠢᠰ ᠬᠠᠭᠠᠨ ᠤ ᠥᠪ ᠰᠤᠶᠤᠯ ᠤᠨ ᠬᠦᠷᠢᠶᠡᠯᠡᠩ》᠂《ᠴᠢᠩᠭᠢᠰ ᠬᠠᠭᠠᠨ》ᠮᠦᠽᠧᠢ ᠪᠠᠶᠢᠭᠤᠯᠵᠤ ᠪᠠᠶᠢᠭ᠎ᠠ ᠪᠥᠭᠡᠳ《ᠴᠢᠩᠭᠢᠰ ᠬᠠᠭᠠᠨ ᠰᠤᠳᠤᠯᠤᠯ ᠤᠨ ᠣᠯᠠᠨ ᠤᠯᠤᠰ ᠤᠨ ᠬᠣᠯᠪᠣᠭ᠎ᠠ》ᠪᠠᠶᠢᠭᠤᠯᠬᠤ ᠪᠠᠷ ᠠᠵᠢᠯᠯᠠᠵᠤ ᠪᠠᠶᠢᠨ᠎ᠠ᠃ ᠮᠣᠩᠭᠣᠯᠴᠤᠳ ᠪᠢᠳᠡ ᠥᠩᠭᠡᠷᠡᠭᠰᠡᠨ ᠵᠠᠭᠤᠨ ᠨᠤᠭᠤᠳ ᠲᠤ ᠶᠠᠮᠠᠷ ᠲᠡᠦᠬᠡ ᠪᠦᠲᠦᠭᠡᠭᠰᠡᠨ ᠢᠶᠡᠨ ᠰᠠᠶᠢᠨ ᠮᠡᠳᠡᠵᠦ ᠪᠠᠶᠢᠵᠤ᠂ ᠢᠷᠡᠭᠡᠳᠦᠢ ᠶᠢᠨ ᠲᠡᠦᠬᠡ ᠪᠡᠨ ᠪᠦᠲᠦᠭᠡᠬᠦ ᠦᠵᠡᠯ ᠰᠠᠨᠠᠭ᠎ᠠ᠂ ᠤᠷᠮ᠎ᠠ ᠵᠣᠷᠢᠭ ᠢᠶᠠᠨ ᠣᠯᠵᠤ ᠠᠪᠬᠤ ᠤᠴᠢᠷ ᠲᠠᠢ᠃
ᠪᠢᠳᠡ ᠥᠩᠭᠡᠷᠡᠭᠰᠡᠨ ᠲᠡᠦᠬᠡ ᠶᠢ ᠳᠠᠬᠢᠨ ᠪᠦᠲᠦᠭᠡᠬᠦ ᠦᠭᠡᠢ ᠴᠤ ᠲᠡᠭᠦᠨ ᠡᠴᠡ ᠢᠯᠡᠭᠦᠦ ᠠᠤᠭ᠎ᠠ ᠲᠡᠦᠬᠡ ᠶᠢ ᠪᠦᠲᠦᠭᠡᠬᠦ ᠥᠭᠡᠳᠡᠷᠡᠭ ᠢᠷᠡᠭᠡᠳᠦᠢ ᠶᠢ ᠪᠡᠯᠭᠡᠳᠡᠨ ᠢᠷᠦᠭᠡᠳᠡᠭ ᠤᠯᠠᠮᠵᠢᠯᠠᠯ ᠲᠠᠢ ᠠᠷᠠᠳ ᠲᠦᠮᠡᠨ᠃ ᠡᠷᠬᠢᠮ ᠬᠦᠨᠳᠦᠲᠦ ᠠᠷᠠᠳ ᠢᠷᠭᠡᠳ᠂ ᠡᠯᠢᠭᠡ ᠨᠢᠭᠡᠲᠦ ᠮᠣᠩᠭᠣᠯ ᠠᠬᠠᠨ ᠳᠡᠭᠦᠦᠰ ᠲᠦ ᠪᠡᠨ 《ᠮᠣᠩᠭᠣᠯ ᠪᠠᠬᠠᠷᠬᠠᠯ ᠤᠨ ᠡᠳᠦᠷ》 ᠦᠨ ᠪᠠᠶᠠᠷ ᠤᠨ ᠮᠡᠨᠳᠦ ᠶᠢ ᠳᠠᠬᠢᠨ ᠳᠡᠪᠰᠢᠭᠦᠯᠦᠶ᠎ᠡ᠃ ᠠᠷᠠᠳ ᠲᠦᠮᠡᠨ ᠢᠶᠡᠷ ᠢᠶᠡᠨ ᠲᠡᠮᠳᠡᠭᠯᠡᠳᠡᠭ 《ᠮᠣᠩᠭᠣᠯ ᠪᠠᠬᠠᠷᠬᠠᠯ ᠤᠨ ᠡᠳᠦᠷ》ᠪᠣᠯ ᠮᠣᠩᠭᠣᠯ ᠲᠦᠮᠡᠨ ᠡᠵᠡᠨ ᠴᠢᠩᠭᠢᠰ ᠬᠠᠭᠠᠨ᠂ ᠠᠤᠭ᠎ᠠ ᠶᠡᠬᠡ ᠡᠪᠦᠭᠡ ᠳᠡᠭᠡᠳᠦᠰ ᠦᠨ ᠢᠶᠡᠨ ᠦᠢᠯᠡ ᠬᠡᠷᠡᠭ᠂ ᠦᠦᠬᠡ ᠲᠡᠦᠬᠡ ᠪᠡᠷ ᠣᠮᠣᠭᠰᠢᠨ ᠪᠠᠬᠠᠷᠬᠠᠵᠤ᠂ ᠪᠢᠯᠢᠭ ᠰᠤᠷᠭᠠᠯ ᠢ ᠨᠢ ᠰᠠᠨᠠᠨ ᠳᠡᠭᠡᠳᠦᠯᠡᠵᠦ᠂ ᠣᠢ ᠰᠠᠨᠠᠮᠵᠢ ᠪᠠᠨ ᠰᠡᠷᠭᠦᠭᠡᠳᠡᠭ ᠡᠳᠦᠷ ᠶᠤᠮ᠃ ᠶᠡᠬᠡ ᠡᠵᠡᠨ ᠴᠢᠩᠭᠢᠰ ᠬᠠᠭᠠᠨ ᠤ ᠲᠤᠩᠬᠠᠭᠯᠠᠨ ᠲᠣᠭᠲᠠᠭᠠᠭᠰᠠᠨ ᠠᠮᠤᠷ ᠠᠮᠤᠭᠤᠯᠠᠩ ᠮᠣᠩᠭᠣᠯ ᠰᠤᠶᠤᠯ ᠢᠷᠭᠡᠨᠰᠢᠯ ᠦᠶ᠎ᠡ ᠶᠢᠨ ᠦᠶ᠎ᠡ ᠳᠦ ᠳᠡᠯᠭᠡᠷᠡᠨ ᠬᠥᠭᠵᠢᠵᠦ᠂ ᠮᠣᠩᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ᠃ ᠮᠣᠷᠢᠨ ᠳᠡᠯ ᠳᠡᠭᠡᠷ᠎ᠡ ᠠᠰᠠᠭᠰᠠᠨ ᠮᠣᠩᠭᠣᠯ ᠬᠦᠮᠦᠨ ᠦ ᠬᠡᠶᠢᠮᠣᠷᠢ ᠭᠠᠯ ᠤᠨ ᠳᠥᠯᠥ ᠰᠢᠭ ᠢᠶᠡᠨ ᠥᠭᠡᠳᠡ ᠪᠡᠨ ᠪᠠᠶᠢᠭ᠃ ᠮᠥᠩᠬᠡ ᠬᠥᠬᠡ ᠲᠩᠷᠢ ᠮᠣᠩᠭᠣᠯᠴᠤᠳ ᠪᠢᠳᠡᠨ ᠢ ᠮᠦᠩᠬᠡᠳᠡ ᠢᠪᠡᠭᠡᠬᠦ ᠪᠣᠯᠲᠤᠭᠠᠢ᠃

 

ᠰᠡᠳᠬᠢᠭᠳᠡᠯ ᠦᠯᠡᠳᠡᠭᠡᠬᠦ