ᠠᠮᠧᠷᠢᠺᠠ ᠤᠷᠤᠭᠤ ᠰᠢᠭᠤᠳ ᠨᠢᠰᠦᠯᠭᠡ ᠦᠢᠯᠡᠳᠦᠨ᠎ᠡ | News.MN

ᠠᠮᠧᠷᠢᠺᠠ ᠤᠷᠤᠭᠤ ᠰᠢᠭᠤᠳ ᠨᠢᠰᠦᠯᠭᠡ ᠦᠢᠯᠡᠳᠦᠨ᠎ᠡ

ᠢᠷᠭᠡᠨ ᠦ ᠨᠢᠰᠬᠦ ᠶᠢᠨ ᠶᠡᠷᠦᠩᠬᠡᠢ ᠭᠠᠵᠠᠷ ᠨᠢ ᠮᠣᠩᠭᠣᠯ᠂ ᠠᠮᠧᠷᠢᠺᠠ ᠶᠢᠨ ᠬᠣᠭᠣᠷᠣᠨᠳᠣ ᠨᠢᠰᠦᠯᠭᠡ ᠦᠢᠯᠡᠳᠬᠦ ᠳᠦ ᠱᠠᠭᠠᠷᠳᠠᠯᠭ᠎ᠠ ᠲᠠᠢ ᠠᠭᠠᠷ ᠤᠨ ᠬᠠᠷᠢᠯᠴᠠᠭᠠᠨ ᠤ ᠬᠡᠯᠡᠯᠴᠡᠭᠡᠷ ᠪᠠᠶᠢᠭᠤᠯᠬᠤ᠂ ᠠᠮᠧᠷᠢᠺᠠ ᠶᠢᠨ ᠨᠢᠰᠬᠦ ᠶᠢᠨ ᠵᠠᠬᠢᠷᠭ᠎ᠠ︵ Federal Aviation Administration︶ ᠠᠴᠠ ᠬᠢᠭᠳᠡᠬᠦ IASA︵International Aviation Safety Assessment︶ ᠠᠶᠤᠯᠭᠦᠢ ᠠᠵᠢᠯᠯᠠᠭᠠᠨ ᠤ ᠬᠢᠨᠠᠯᠲᠠ ᠰᠢᠯᠭᠠᠯᠲᠠ ᠳᠤ ᠪᠡᠯᠡᠳᠬᠡᠬᠦ ᠴᠢᠭᠯᠡᠯ ᠢᠶᠡᠷ ᠠᠵᠢᠯᠯᠠᠵᠤ ᠪᠠᠶᠢᠨ᠎ᠠ᠃

ᠪᠤᠶ᠋ᠢᠨ 787 ᠠᠭᠠᠷ ᠤᠨ ᠬᠥᠯᠭᠡ ᠪᠠᠷ ᠬᠣᠯᠠ ᠶᠢᠨ ᠨᠢᠰᠦᠯᠭᠡ ᠬᠢᠬᠦ ᠡᠳ᠋ ᠦᠨ ᠵᠠᠰᠠᠭ ᠤᠨ ᠦᠷ᠎ᠡ ᠠᠰᠢᠭ᠂ FAA᠂ IASA  ᠤᠨ ᠱᠠᠭᠠᠷᠳᠠᠯᠭ᠎ᠠ ᠳᠤ ᠬᠡᠷᠬᠢᠨ ᠨᠡᠢᠴᠡᠭᠦᠯᠬᠦ᠂ ᠲᠤᠬᠠᠢᠯᠠᠪᠠᠯ ᠮᠣᠩᠭᠣᠯ ᠤᠯᠤᠰ ᠤᠨ ᠨᠢᠰᠬᠦ ᠶᠢᠨ ᠠᠶᠤᠯᠭᠦᠢ ᠠᠵᠢᠯᠯᠠᠭᠠᠨ ᠤ ᠬᠢᠨᠠᠯᠲᠠ ᠶᠢᠨ ᠪᠠᠶᠢᠭᠤᠯᠤᠯᠭ᠎ᠠ ᠶᠢᠨ ᠪᠦᠲᠦᠴᠡ ᠵᠣᠬᠢᠶᠠᠨ ᠪᠠᠶᠢᠭᠤᠯᠤᠯᠲᠠ᠂ ᠰᠠᠩᠬᠦᠦ᠂ ᠪᠣᠯᠪᠠᠰᠤᠨ ᠬᠦᠴᠦᠨ ᠦ ᠨᠥᠭᠡᠴᠡ᠂ ᠪᠠᠶᠢᠴᠠᠭᠠᠭᠴᠢ ᠶᠢᠨ ᠴᠢᠳᠠᠪᠬᠢ ᠵᠡᠷᠭᠡ   ᠲᠠᠯ᠎ᠠ ᠪᠠᠷ ᠰᠢᠢᠳᠪᠤᠷᠢᠯᠡᠬᠦ ᠠᠰᠠᠭᠤᠳᠠᠯ ᠤᠳ ᠨᠡᠯᠢᠶᠡᠳ ᠪᠠᠢᠭ᠎ᠠ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ