ᠲᠥᠭᠥᠷᠢᠭ ᠦᠨ ᠳ᠋ᠣᠯᠯᠠᠷ ᠲᠠᠢ ᠬᠠᠷᠢᠴᠠᠬᠤ ᠬᠠᠩᠰᠢ 2.8 ᠲᠥᠭᠥᠷᠢᠭ ᠢᠶᠡᠷ ᠴᠢᠩᠭᠠᠷᠠᠵᠠᠢ | News.MN

ᠲᠥᠭᠥᠷᠢᠭ ᠦᠨ ᠳ᠋ᠣᠯᠯᠠᠷ ᠲᠠᠢ ᠬᠠᠷᠢᠴᠠᠬᠤ ᠬᠠᠩᠰᠢ 2.8 ᠲᠥᠭᠥᠷᠢᠭ ᠢᠶᠡᠷ ᠴᠢᠩᠭᠠᠷᠠᠵᠠᠢ

ᠮᠣᠩᠭᠣᠯ ᠪᠠᠩᠭᠢᠨ ᠤ ᠮᠡᠳᠡᠭᠡᠯᠡᠵᠦ ᠪᠤᠢ ᠸᠠᠯᠢᠶᠤᠲ ᠤᠨ ᠬᠠᠩᠰᠢ ᠪᠠᠷ ᠳ᠋ᠣᠯᠯᠠᠷ 2848.46 ᠲᠥᠭᠥᠷᠢᠭ ᠪᠠᠶᠢᠨ᠎ᠠ᠃ ᠡᠨᠡ ᠨᠢ 2021 ᠣᠨ ᠤ ᠠᠷᠪᠠᠨ ᠨᠢᠭᠡᠳᠦᠭᠡᠷ ᠰᠠᠷ᠎ᠠ ᠶᠢᠨ 03  ᠦ ᠡᠳᠦᠷ ᠦᠨ ᠬᠠᠭᠠᠯᠲᠠ ᠶᠢᠨ ᠬᠠᠩᠰᠢ ᠶᠤᠮ᠃ ᠬᠠᠷᠢᠨ ᠥᠩᠭᠡᠷᠡᠭᠰᠡᠨ ᠵᠢᠯ ᠦᠨ ᠠᠷᠪᠠᠳᠤᠭᠠᠷ ᠰᠠᠷ᠎ᠠ ᠶᠢᠨ 30 ᠍ ᠦ ᠡᠳᠦᠷ ᠳ᠋ᠣᠯᠯᠠᠷ ᠤᠨ ᠬᠠᠩᠰᠢ 2851.27 ᠲᠥᠭᠦᠷᠢᠭ ᠪᠠᠢᠵᠠᠢ᠃ ᠡᠭᠦᠨ ᠡᠴᠡ ᠦᠵᠡᠪᠡᠯ ᠲᠥᠭᠦᠷᠢᠭ ᠦᠨ ᠳ᠋ᠣᠯᠯᠠᠷ ᠲᠠᠢ ᠬᠠᠷᠢᠴᠠᠬᠤ ᠬᠠᠩᠰᠢ ᠡᠮᠦᠨ᠎ᠡ ᠵᠢᠯ ᠦᠨ ᠮᠥᠨ ᠦᠶ᠎ᠡ ᠡᠴᠡ  2.8 ᠲᠥᠭᠦᠷᠢᠭ ᠢᠶᠡᠷ ᠴᠢᠩᠭᠠᠷᠠᠭᠰᠠᠨ ᠪᠠᠶᠢᠨ᠎ᠠ᠃

ᠮᠣᠩᠭᠣᠯ ᠪᠠᠩᠬᠢ ᠳ᠋ᠣᠯᠯᠠᠷ ᠤᠨ ᠬᠠᠩᠰᠢ ᠶᠢ 2020 ᠣᠨ ᠤ ᠠᠷᠪᠠᠨ ᠨᠢᠭᠡᠳᠦᠭᠡᠷ ᠰᠠᠷ᠎ᠠ ᠠᠴᠠ ᠬᠣᠶᠢᠰᠢ ᠲᠣᠭᠲᠠᠮᠠᠯ 2850 ᠣᠷᠴᠢᠮ ᠲᠥᠭᠥᠷᠢᠭ ᠲᠦ ᠪᠠᠷᠢᠭᠰᠠᠭᠠᠷ ᠪᠠᠶᠢᠨ᠎ᠠ᠃ ᠡᠨᠡ ᠨᠢ ᠨᠢᠭᠡ ᠲᠠᠯ᠎ᠠ ᠪᠠᠷ ᠢᠶᠠᠨ ᠮᠣᠩᠭᠣᠯ ᠤᠯᠤᠰ ᠠᠴᠠ ᠳ᠋ᠣᠯᠯᠠᠷ ᠢᠶᠠᠷ ᠬᠢᠬᠦ ᠭᠦᠢᠯᠭᠡᠭᠡ ᠪᠠᠭᠠᠰᠬᠤ᠂ ᠲᠤᠬᠠᠢ ᠶᠢᠨ ᠳᠡᠪᠢᠰᠬᠡᠷᠲᠦ ᠪᠡᠷ ᠦᠢᠯᠡᠴᠢᠯᠡᠭᠡ ᠠᠪᠴᠤ᠂ ᠠᠶᠠᠯᠠᠯ ᠪᠠᠭᠠᠰᠤᠭᠰᠠᠨ ᠲᠠᠢ ᠰᠢᠭᠤᠳ ᠬᠣᠯᠪᠣᠭ᠎ᠠ ᠲᠠᠢ ᠶᠤᠮ᠃

ᠰᠡᠳᠬᠢᠭᠳᠡᠯ ᠦᠯᠡᠳᠡᠭᠡᠬᠦ