ᠮᠣᠩᠭᠣᠯ ᠳᠤ ᠵᠢᠭᠤᠯᠴᠢᠯᠠᠭᠠᠳ ᠦᠨ᠎ᠡ ᠦᠭᠡᠢ ᠸᠠᠺᠼᠢᠨ ᠬᠢᠯᠭᠡᠬᠦ ᠶᠢ ᠤᠷᠢᠶᠠᠯᠠᠯ᠎ᠠ | News.MN

ᠮᠣᠩᠭᠣᠯ ᠳᠤ ᠵᠢᠭᠤᠯᠴᠢᠯᠠᠭᠠᠳ ᠦᠨ᠎ᠡ ᠦᠭᠡᠢ ᠸᠠᠺᠼᠢᠨ ᠬᠢᠯᠭᠡᠬᠦ ᠶᠢ ᠤᠷᠢᠶᠠᠯᠠᠯ᠎ᠠ

ᠵᠠᠰᠠᠭ ᠤᠨ ᠭᠠᠵᠠᠷ ᠤᠨ ᠬᠤᠷᠠᠯᠳᠤᠭᠠᠨ ᠤ ᠦᠶ᠎ᠡ ᠪᠡᠷ ᠶᠡᠷᠦᠩᠬᠡᠢ ᠰᠠᠶᠢᠳ ᠯ ∙ᠤᠶᠤᠡᠡᠷᠳᠡᠨᠢ ᠠᠭᠠᠷ ᠤᠨ ᠬᠢᠯᠢ ᠶᠢᠨ ᠦᠢᠯᠡ ᠠᠵᠢᠯᠯᠠᠭ᠎ᠠ ᠶᠢ ᠵᠢᠭᠳᠡᠷᠡᠭᠦᠯᠵᠦ᠂ ᠠᠶᠠᠯᠠᠯ ᠵᠢᠭᠤᠯᠴᠢᠯᠠᠯ ᠤᠨ ᠰᠠᠯᠪᠤᠷᠢ ᠶᠢᠨ ᠢᠶᠠᠨ ᠦᠢᠯᠡ ᠠᠵᠢᠯᠯᠠᠭ᠎ᠠ ᠶᠢ ᠰᠡᠷᠭᠦᠭᠡᠬᠦ ᠡᠭᠦᠷᠭᠡ ᠶᠢ ᠰᠠᠶᠢᠳ ᠨᠠᠷ ᠲᠤ ᠦᠭᠭᠦᠯ᠎ᠡ᠃ ᠲᠡᠷᠡ ᠪᠡᠷ᠄ ᠪ ∙ ᠪᠠᠲᠤᠴᠡᠴᠡᠭ ᠰᠠᠶᠢᠳ᠂ ᠯ ∙ ᠬᠠᠯᠲᠠᠷ ᠰᠠᠶᠢᠳ ᠪᠤᠰᠤᠳ ᠤᠯᠤᠰ ᠣᠷᠣᠨ ᠨᠤᠭᠤᠳ ᠲᠠᠢ ᠬᠡᠯᠡᠯᠴᠡᠭᠡᠷ ᠬᠢᠵᠦ ᠠᠷᠪᠠᠨ ᠨᠢᠭᠡᠳᠦᠭᠡᠷ ᠰᠠᠷ᠎ᠠ ᠶᠢᠨ ᠨᠢᠭᠡᠨ ᠡᠴᠡ ᠠᠭᠠᠷ ᠤᠨ ᠬᠢᠯᠢ ᠶᠢᠨ ᠢᠶᠡᠨ ᠦᠢᠯᠡ ᠠᠵᠢᠯᠯᠠᠭ᠎ᠠ ᠶᠢ ᠲᠣᠭᠲᠠᠪᠤᠷᠢᠵᠢᠭᠤᠯᠬᠤ ᠬᠡᠷᠡᠭᠲᠡᠢ ᠪᠠᠶᠢᠨ᠎ᠠ᠃ ᠢᠯᠠᠩᠭᠤᠶ᠎ᠠ᠂ ᠬᠢᠲᠠᠳ ᠬᠢᠯᠢ ᠪᠡᠨ ᠬᠠᠭᠠᠭᠰᠠᠨ ᠡᠨᠡ ᠦᠶ᠎ᠡ ᠳᠦ ᠠᠭᠠᠷ ᠤᠨ ᠬᠢᠯᠢ ᠶᠢᠨ ᠢᠶᠡᠨ ᠦᠢᠯᠡ ᠠᠵᠢᠯᠯᠠᠭ᠎ᠠ ᠶᠢ ᠵᠢᠭᠳᠡᠷᠡᠭᠦᠯᠵᠦ᠂ ᠨᠢᠰᠦᠯᠭᠡ ᠶᠢᠨ ᠢᠶᠡᠨ ᠳᠠᠪᠲᠠᠮᠵᠢ ᠶᠢ ᠨᠡᠮᠡᠭᠳᠡᠭᠦᠯᠬᠦ ᠨᠢ ᠵᠦᠢᠲᠡᠢ᠃
ᠨ∙ᠤᠷᠲᠤᠨᠠᠰᠤᠨ ᠰᠠᠶᠢᠳ ᠠᠶᠠᠯᠠᠯ ᠵᠢᠭᠤᠯᠴᠢᠯᠠᠯ ᠤᠨ ᠺᠣᠮᠫᠠᠨᠢ ᠨᠤᠭᠤᠳ ᠲᠠᠢ ᠠᠭᠤᠯᠵᠠᠭᠠᠳ ᠭᠠᠳᠠᠭᠠᠳᠤ ᠠᠴᠠ ᠢᠷᠡᠬᠦ ᠵᠢᠭᠤᠯᠴᠢᠳ ᠮᠠᠨ ᠤ ᠤᠯᠤᠰ ᠲᠤ ᠢᠷᠡᠭᠡᠳ ᠸᠠᠺᠼᠢᠨ ᠬᠢᠯᠭᠡᠵᠦ ᠪᠣᠯᠤᠨ᠎ᠠ ᠭᠡᠳᠡᠭ ᠤᠷᠢᠶᠠᠯᠠᠭ᠎ᠠ ᠶᠢ ᠳᠡᠪᠰᠢᠭᠦᠯᠬᠦ ᠬᠡᠷᠡᠭᠲᠡᠢ᠃ ᠲᠤᠬᠠᠢ ᠶᠢᠨ ᠤᠯᠤᠰ ᠣᠷᠣᠨ ᠳᠤ ᠨᠢ ᠸᠠᠺᠼᠢᠨ ᠬᠦᠷᠦᠯᠴᠡᠬᠦ ᠦᠭᠡᠢ ᠳᠠᠷᠠᠭᠠᠯᠠᠯ ᠡᠭᠦᠰᠦᠭᠰᠡᠨ ᠪᠣᠯ ᠮᠠᠨ ᠤ ᠤᠯᠤᠰ ᠲᠤ ᠢᠷᠡᠵᠦ ᠵᠢᠭᠤᠯᠴᠢᠯᠠᠯ ᠬᠢᠭᠰᠡᠨ ᠦ ᠬᠢᠨᠢ ᠲᠥᠯᠦᠭᠡ ᠦᠨ᠎ᠡ ᠦᠭᠡᠢ ᠸᠠᠺᠼᠢᠨ ᠬᠢᠵᠦ ᠥᠭᠭᠦᠨ᠎ᠡ ᠭᠡᠰᠡᠨ ᠦᠭᠡ ᠭᠡᠯ᠎ᠡ᠃

ᠰᠡᠳᠬᠢᠭᠳᠡᠯ ᠦᠯᠡᠳᠡᠭᠡᠬᠦ