《ᠴᠥᠯᠵᠢᠯᠲᠡ ᠮᠣᠩᠭᠣᠯ ᠳᠤ》ᠤᠷᠤᠯᠳᠤᠭᠠᠨ ᠤ ᠰᠢᠯᠢᠳᠡᠭ ᠪᠦᠲᠦᠭᠡᠯ ᠦᠳ ᠲᠣᠳᠣᠷᠠᠯ᠎ᠠ | News.MN

《ᠴᠥᠯᠵᠢᠯᠲᠡ ᠮᠣᠩᠭᠣᠯ ᠳᠤ》ᠤᠷᠤᠯᠳᠤᠭᠠᠨ ᠤ ᠰᠢᠯᠢᠳᠡᠭ ᠪᠦᠲᠦᠭᠡᠯ ᠦᠳ ᠲᠣᠳᠣᠷᠠᠯ᠎ᠠ

ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ᠂ ᠪᠠᠶᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠶᠠᠮᠤᠨ᠂ ᠮᠣᠩᠭᠣᠯ ᠤᠨ ᠭᠡᠷᠡᠯ ᠵᠢᠷᠤᠭᠴᠢᠳ ᠤᠨ ᠨᠢᠭᠡᠳᠦᠭᠰᠡᠨ ᠬᠣᠯᠪᠣᠭ᠎ᠠ ᠬᠠᠮᠲᠤᠷᠠᠨ ᠵᠣᠬᠢᠶᠠᠨ ᠪᠠᠶᠢᠭᠤᠯᠤᠭᠰᠠᠨ《ᠴᠥᠯᠵᠢᠯᠲᠡ ᠮᠣᠩᠭᠣᠯ ᠳᠤ》 ᠭᠡᠷᠡᠯ ᠵᠢᠷᠤᠭ ᠤᠨ ᠤᠷᠤᠯᠳᠤᠭᠠᠨ ᠤ ᠰᠢᠯᠢᠳᠡᠭ ᠪᠦᠲᠦᠭᠡᠯ ᠦᠳ ᠲᠣᠳᠣᠷᠠᠯ᠎ᠠ᠃
ᠤᠷᠤᠯᠳᠤᠭᠠᠨ ᠳᠤ ᠮᠡᠷᠭᠡᠵᠢᠯ ᠦᠨ ᠪᠣᠯᠤᠨ ᠰᠣᠨᠢᠷᠬᠠᠭᠴᠢᠳ 200 ᠭᠠᠷᠤᠢ ᠪᠦᠲᠦᠭᠡᠯ ᠢᠶᠡᠨ ᠢᠷᠡᠭᠦᠯᠦᠭᠰᠡᠨ ᠡᠴᠡ ᠄ ᠨᠢᠭᠡᠳᠦᠭᠡᠷ ᠪᠠᠶᠢᠷᠢ ᠳᠤ ᠰ∙ᠴᠢᠩᠪᠠᠲᠤ ᠶᠢᠨ 《ᠭᠠᠮᠰᠢᠭ ᠭᠠᠳᠠᠭ᠎ᠠ ᠢᠷᠡᠭᠡᠳ ᠪᠠᠶᠢᠨ᠎ᠠ》᠂ ᠬᠤᠶᠠᠳᠤᠭᠠᠷ ᠪᠠᠶᠢᠷᠢ ᠳᠤ ᠡ᠊∙ᠮᠥᠩᠬᠡᠴᠢᠯᠠᠭᠤᠨ ᠤ 《ᠭᠠᠵᠠᠷ ᠤᠨ ᠬᠢᠯᠢᠩ》᠂ ᠭᠤᠷᠪᠠᠳᠤᠭᠠᠷ ᠪᠠᠶᠢᠷᠢ ᠳᠤ ᠫ∙ᠣᠳᠬᠣᠨᠪᠠᠭᠠᠲᠤᠷ ᠤᠨ《ᠴᠥᠯ ᠳᠦ ᠠᠯᠬᠤᠵᠤ ᠪᠤᠢ ᠡᠮᠡᠭᠲᠡᠢ》᠂ ᠲᠤᠰᠬᠠᠢ ᠪᠠᠶᠢᠷᠢ ᠳᠤ᠄ ᠬ∙ᠲᠦᠰᠢᠭ ᠦᠨ︽ᠰᠠᠯᠠᠭ᠎ᠠ ᠵᠠᠮ》᠂ ᠳ∙ᠪᠠᠲᠤᠲᠤᠯᠭ᠎ᠠ ᠶᠢᠨ《ᠡᠪᠡᠰᠦ》ᠭᠡᠷᠡᠯ ᠵᠢᠷᠤᠭ ᠰᠢᠯᠭᠠᠷᠠᠭᠰᠠᠨ ᠪᠠᠶᠢᠨ᠎ᠠ᠃

ᠴᠥᠯᠵᠢᠯᠲᠡ ᠶᠢᠨ ᠥᠨᠥ ᠶᠢᠨ ᠪᠠᠶᠢᠳᠠᠯ᠂ ᠲᠡᠭᠦᠨ ᠦ ᠬᠣᠣᠷ ᠤᠷᠰᠢᠭ ᠨᠢ ᠢᠷᠭᠡᠳ ᠦᠨ ᠠᠮᠢᠳᠤᠷᠠᠯ᠂ ᠤᠷᠭᠤᠮᠠᠯ᠂ ᠠᠩ ᠠᠮᠢᠲᠠᠨ ᠳᠤ ᠬᠡᠷᠬᠢᠨ ᠨᠥᠯᠦᠭᠡᠯᠡᠵᠦ ᠪᠠᠶᠢᠭ᠎ᠠ ᠶᠢ ᠬᠠᠷᠠᠭᠤᠯᠬᠤ ᠵᠣᠷᠢᠯᠭ᠎ᠠ ᠪᠠᠷ《ᠴᠥᠯᠵᠢᠯᠲᠡ ᠮᠣᠩᠭᠣᠯ ᠳᠤ》ᠭᠡᠷᠡᠯ ᠵᠢᠷᠤᠭ ᠤᠨ ᠤᠷᠤᠯᠳᠤᠭᠠᠨ ᠢ 2021 ᠣᠨ ᠤ 10 ᠳ᠋ᠤᠭᠠᠷ ᠰᠠᠷ᠎ᠠ ᠶᠢᠨ 06-15 ᠳᠤ ᠵᠣᠬᠢᠶᠠᠨ ᠪᠠᠶᠢᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ