《ᠷᠢᠤ᠋ ᠲᠢᠨᠲ᠋ᠤ᠋》ᠮᠣᠩᠭᠣᠯ ᠤᠯᠤᠰ ᠤᠨ ᠵᠠᠰᠠᠭ ᠤᠨ ᠭᠠᠵᠠᠷ ᠲᠤ ᠳᠥᠷᠪᠡᠨ ᠵᠢᠭᠠᠯᠲᠠ ᠪᠦᠬᠦᠢ ᠠᠯᠪᠠᠨ ᠵᠠᠬᠢᠳᠠᠯ ᠢᠷᠡᠭᠦᠯᠦᠭᠰᠡᠨ ᠲᠠᠯ᠎ᠠ ᠪᠠᠷ ᠮᠡᠳᠡᠭᠡᠯᠡᠭᠰᠡᠨ᠃ ᠤᠭ ᠰᠠᠨᠠᠯ ᠤᠨ ᠲᠠᠯᠠᠭᠠᠷᠬᠢ ᠤᠷᠢᠳᠴᠢᠯᠠᠭᠰᠠᠨ ᠠᠭᠤᠯᠵᠠᠯᠲᠠ ᠬᠠᠤᠯᠢ ᠵᠦᠢ ᠳᠣᠲᠣᠭᠠᠳᠤ ᠬᠡᠷᠡᠭ ᠦᠨ ᠶᠠᠮᠤᠨ ᠳᠤ ᠪᠣᠯᠬᠤ ᠭᠡᠵᠦ ᠪᠠᠶᠢᠨ᠎ᠠ᠃ ᠠᠭᠤᠯᠵᠠᠯᠲᠠ ᠪᠠᠷ ᠠᠯᠪᠠᠨ ᠵᠠᠬᠢᠳᠠᠯ ᠳᠤ ᠳᠤᠷᠠᠳᠤᠭᠳᠠᠭᠰᠠᠨ᠄
§ 《ᠷᠢᠤ᠋ ᠲᠢᠨᠲ᠋ᠤ᠋》2.3 ᠲᠡᠷᠪᠤᠮ ᠳ᠋ᠣᠯᠯᠠᠷ ᠤᠨ ᠦᠷᠢ ᠶᠢᠨ 70 ᠬᠤᠪᠢ ᠶᠢ ᠲᠢᠭᠯᠡᠬᠦ᠂ ᠬᠥᠷᠥᠩᠭᠡ ᠣᠷᠣᠭᠤᠯᠤᠭᠴᠢ ᠲᠠᠯ᠎ᠠ ᠨᠢᠭᠡ ᠶᠡᠬᠡ ᠨᠠᠶᠤᠳ ᠲᠥᠭᠥᠷᠢᠭ ᠪᠤᠶᠤ 350 ᠰᠠᠶ᠎ᠠ ᠣᠷᠴᠢᠮ ᠳ᠋ᠣᠯᠯᠠᠷ ᠤᠨ ᠲᠥᠯᠥᠪᠦᠷᠢ ᠤᠯᠭᠤᠬᠤ᠂ 5.4 ᠲᠡᠷᠪᠤᠮ ᠳ᠋ᠣᠯᠯᠠᠷ ᠠᠴᠠ ᠳᠡᠭᠡᠭᠰᠢ ᠵᠠᠷᠤᠳᠠᠯ ᠤᠨ ᠬᠡᠲᠦᠷᠦᠯᠲᠡ ᠳᠦ ᠮᠧᠨᠧᠵᠮᠧᠨᠲ ᠦᠨ ᠲᠥᠯᠥᠪᠦᠷᠢ ᠠᠪᠬᠤ ᠪᠠᠨ ᠪᠣᠯᠢᠬᠤ ᠵᠡᠷᠭᠡ ᠠᠰᠠᠭᠤᠳᠠᠯ ᠢ ᠬᠡᠯᠡᠯᠴᠡᠬᠦ ᠶᠤᠮ ᠪᠠᠶᠢᠨ᠎ᠠ᠃