100 ᠮᠢᠩᠭᠠᠲᠤ ᠶᠢᠨ ᠳᠡᠪᠢᠰᠬᠡᠷᠲᠦ ᠭᠠᠷᠭᠠᠬᠤ ᠳᠤ ᠰᠥᠷᠭᠦ ᠨᠥᠯᠥᠭᠡ ᠭᠠᠷᠬᠤ ᠦᠭᠡᠢ | News.MN

100 ᠮᠢᠩᠭᠠᠲᠤ ᠶᠢᠨ ᠳᠡᠪᠢᠰᠬᠡᠷᠲᠦ ᠭᠠᠷᠭᠠᠬᠤ ᠳᠤ ᠰᠥᠷᠭᠦ ᠨᠥᠯᠥᠭᠡ ᠭᠠᠷᠬᠤ ᠦᠭᠡᠢ

ᠤᠯᠤᠰ ᠤᠨ ᠶᠡᠬᠡ ᠬᠤᠷᠠᠯ ︽ᠲᠥᠷᠥ ᠡᠴᠡ ᠮᠥᠩᠭᠥᠨ ᠦ ᠪᠣᠳᠣᠯᠭ᠎ᠠ ᠶᠢᠨ ᠲᠠᠯ᠎ᠠ ᠪᠠᠷ 2022 ᠣᠨ ᠳᠤ ᠪᠠᠷᠢᠮᠲᠠᠯᠠᠬᠤ ᠦᠨᠳᠦᠰᠦᠨ ᠴᠢᠭᠯᠡᠯ ᠪᠠᠲᠤᠯᠠᠬᠤ ᠲᠤᠬᠠᠢ︾ᠲᠣᠭᠲᠠᠭᠠᠯ ᠤᠨ ᠲᠥᠰᠥᠯ ᠢ ᠬᠡᠯᠡᠯᠴᠡᠵᠦ ᠪᠠᠶᠢᠨ᠎ᠠ᠃ ᠡᠨᠡ ᠦᠶ᠎ᠡ ᠪᠡᠷ ᠮᠣᠩᠭᠣᠯ ᠪᠠᠩᠭᠢᠨ ᠤ ᠶᠡᠷᠦᠩᠬᠡᠶᠢᠯᠡᠭᠴᠢ ᠪ∙ᠯᠾᠬᠠᠪᠠᠰᠦ᠋ᠷᠤᠩ 20 ᠮᠢᠩᠭᠠᠲᠤ ᠶᠢᠨ ᠳᠡᠪᠢᠰᠬᠡᠷᠲᠦ ᠡᠴᠡ ᠲᠣᠮᠣ ᠳᠡᠪᠢᠰᠬᠡᠷᠲᠦ ᠭᠠᠷᠭᠠᠬᠤ ᠡᠰᠡᠬᠦ ᠪᠡᠷ ᠪᠠᠶᠢᠷᠢ ᠰᠠᠭᠤᠷᠢ ᠪᠠᠨ ᠢᠯᠡᠷᠬᠡᠶᠢᠯᠡᠯ᠎ᠡ᠃
ᠲᠡᠷᠡ ᠪᠡᠷ᠄ ᠮᠣᠩᠭᠣᠯ  ᠪᠠᠩᠭᠢ 20 ᠮᠢᠩᠭᠠᠨ ᠲᠥᠭᠥᠷᠢᠭ ᠡᠴᠡ ᠳᠡᠭᠡᠭᠰᠢ ᠳᠡᠪᠢᠰᠬᠡᠷᠲᠦ ᠪᠠᠶᠢᠬᠤ ᠪᠣᠯᠤᠮᠵᠢ ᠲᠠᠢ ᠤᠤ ᠭᠡᠳᠡᠭ ᠰᠤᠳᠤᠯᠭ᠎ᠠ ᠶᠢ ᠬᠢᠭᠰᠡᠨ ᠳᠤ 50᠂ 100 ᠮᠢᠩᠭᠠᠲᠤ ᠶᠢᠨ ᠳᠡᠪᠢᠰᠬᠡᠷᠲᠦ ᠭᠠᠷᠭᠠᠬᠤ ᠳᠤ ᠶᠠᠮᠠᠷ ᠨᠢᠭᠡᠨ ᠨᠥᠯᠥᠭᠡ ᠭᠠᠷᠬᠤ ᠦᠭᠡᠢ᠃ ᠢᠨᠹᠯᠢᠶᠠᠼ᠂ ᠬᠠᠩᠰᠢ ᠳᠡᠭᠡᠷ᠎ᠡ ᠳᠠᠷᠤᠮᠲᠠ ᠡᠭᠦᠰᠬᠦ ᠦᠭᠡᠢ᠃ ᠮᠥᠩᠭᠥᠨ ᠦ ᠬᠤᠳᠠᠯᠳᠤᠨ ᠠᠪᠬᠤ ᠴᠢᠳᠠᠪᠤᠷᠢ ᠶᠢ ᠤᠨᠠᠭᠠᠬᠤ ᠦᠭᠡᠢ ᠪᠠᠶᠢᠬᠤ ᠪᠦᠬᠦ ᠨᠥᠬᠥᠴᠡᠯ ᠨᠢ ᠪᠦᠷᠢᠳᠦᠭᠰᠡᠨ ᠭᠡᠰᠡᠨ ᠰᠤᠳᠤᠯᠭᠠᠨ ᠤ ᠦᠷ᠎ᠡ ᠳ᠋ᠦᠩ ᠭᠠᠷᠤᠭᠰᠠᠨ ᠭᠡᠪᠡ᠃

ᠰᠡᠳᠬᠢᠭᠳᠡᠯ ᠦᠯᠡᠳᠡᠭᠡᠬᠦ