ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ ᠶᠢᠨ ᠡᠭᠡᠯᠵᠢᠲᠦ ᠲᠣᠭᠠᠯᠠᠯᠭ᠎ᠠ ᠶᠢ ᠢᠷᠡᠬᠦ ᠰᠠᠷ᠎ᠠ ᠳᠤ ᠬᠢᠨ᠎ᠡ | News.MN

ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ ᠶᠢᠨ ᠡᠭᠡᠯᠵᠢᠲᠦ ᠲᠣᠭᠠᠯᠠᠯᠭ᠎ᠠ ᠶᠢ ᠢᠷᠡᠬᠦ ᠰᠠᠷ᠎ᠠ ᠳᠤ ᠬᠢᠨ᠎ᠡ

ᠲᠠᠪᠤᠨ ᠵᠢᠯ ᠳᠦ ᠨᠢᠭᠡ ᠤᠳᠠᠭ᠎ᠠ ᠪᠣᠯᠳᠠᠭ ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ ᠶᠢᠨ ᠡᠭᠡᠯᠵᠢᠲᠦ ᠲᠣᠭᠠᠯᠠᠯᠭ᠎ᠠ ᠶᠢ ᠢᠷᠡᠬᠦ ᠰᠠᠷ᠎ᠠ ᠳᠤ ᠵᠣᠬᠢᠶᠠᠨ ᠪᠠᠶᠢᠭᠤᠯᠬᠤ ᠭᠡᠵᠦ ᠪᠠᠶᠢᠨ᠎ᠠ᠃ ᠠᠷᠪᠠᠨ ᠨᠢᠭᠡᠳᠦᠭᠡᠷ ᠰᠠᠷ᠎ᠠ ᠶᠢᠨᠨᠢᠭᠡᠨᠡᠴᠡ ᠨᠢᠭᠡ ᠰᠠᠷ᠎ᠠ ᠶᠢᠨ ᠬᠤᠭᠤᠴᠠᠭᠠᠨ ᠳᠤ ᠦᠷᠭᠦᠯᠵᠢᠯᠡᠬᠦ ᠡᠨᠡᠬᠦ ᠲᠣᠭᠠᠯᠠᠯᠭ᠎ᠠ ᠶᠢ toollogo.1212.mn ᠴᠠᠬᠢᠮ ᠬᠠᠭᠤᠳᠠᠰᠤ ᠪᠠᠷ ᠪᠦᠷᠢᠳᠬᠡᠨ ᠶᠠᠪᠤᠭᠤᠯᠬᠤ ᠪᠠᠷ ᠪᠡᠯᠡᠳᠴᠦ ᠪᠠᠶᠢᠭ᠎ᠠ ᠶᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠮᠡᠳᠡᠭᠡᠯᠡᠯ᠎ᠡ᠃
ᠮᠣᠩᠭᠣᠯ ᠤᠯᠤᠰ ᠤᠨ ᠨᠤᠲᠤᠭ ᠳᠡᠪᠢᠰᠬᠡᠷ ᠲᠦ ᠡᠭᠦᠰᠬᠡᠨ ᠪᠠᠶᠢᠭᠤᠯᠤᠭᠳᠠᠵᠤ᠂ ᠤᠯᠤᠰ ᠤᠨ ᠪᠦᠷᠢᠳᠬᠡᠯ ᠦᠨ ᠶᠡᠷᠦᠩᠬᠡᠢ ᠭᠠᠵᠠᠷ ᠤᠨ ᠬᠠᠤᠯᠢ ᠶᠢᠨ ᠡᠲᠡᠭᠡᠳ ᠦᠨ ᠪᠦᠷᠢᠳᠬᠡᠯ ᠦᠨ ᠭᠠᠵᠠᠷ ᠪᠦᠷᠢᠳᠬᠡᠭᠦᠯᠦᠭᠰᠡᠨ ᠥᠮᠴᠢ ᠶᠢᠨ ᠪᠦᠬᠦ ᠬᠡᠯᠪᠡᠷᠢ ᠶᠢᠨ ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ ᠶᠢ ᠬᠠᠮᠤᠷᠤᠭᠤᠯᠬᠤ ᠶᠤᠮ ᠪᠠᠶᠢᠨ᠎ᠠ᠃ ᠡᠭᠦᠨ ᠡᠴᠡ ᠭᠠᠳᠠᠨ᠎ᠠ ᠬᠠᠤᠯᠢ ᠶᠢᠨ ᠡᠲᠡᠭᠡᠳ ᠦᠨ ᠪᠦᠷᠢᠳᠬᠡᠯ ᠳᠦ ᠪᠦᠷᠢᠳᠬᠡᠭᠳᠡᠳᠡᠭ ᠦᠭᠡᠢ ᠤᠯᠤᠰ ᠲᠥᠷᠥ ᠶᠢᠨ ᠨᠠᠮ᠂ ᠰᠠᠭᠤᠴᠠ ᠥᠮᠴᠢᠯᠡᠭᠴᠢᠳ ᠦᠨ ᠬᠣᠯᠪᠣᠭ᠎ᠠ᠂ ᠣᠯᠠᠨ ᠤᠯᠤᠰ ᠤᠨ ᠪᠠᠶᠢᠭᠤᠯᠤᠯᠭ᠎ᠠ᠂ ᠬᠤᠪᠢ ᠪᠠᠷ ᠢᠶᠠᠨ ᠬᠥᠳᠡᠯᠮᠦᠷᠢ ᠡᠷᠬᠢᠯᠡᠵᠦ ᠪᠤᠢ ᠢᠷᠭᠡᠳ ᠢ ᠮᠥᠨ ᠬᠠᠮᠤᠷᠤᠭᠤᠯᠬᠤ ᠪᠠᠷ ᠲᠥᠯᠥᠪᠯᠡᠵᠡᠢ᠃

ᠰᠡᠳᠬᠢᠭᠳᠡᠯ ᠦᠯᠡᠳᠡᠭᠡᠬᠦ