ᠳᠠᠯᠠᠪᠴᠢ ᠨᠢ ᠭᠡᠮᠲᠦᠭᠰᠡᠨ ᠳᠡᠭᠳᠡᠭᠡᠬᠡᠢ ᠭᠠᠭᠴᠠᠭᠠᠷ ᠦᠯᠡᠳᠡᠵᠡᠢ | News.MN

ᠳᠠᠯᠠᠪᠴᠢ ᠨᠢ ᠭᠡᠮᠲᠦᠭᠰᠡᠨ ᠳᠡᠭᠳᠡᠭᠡᠬᠡᠢ ᠭᠠᠭᠴᠠᠭᠠᠷ ᠦᠯᠡᠳᠡᠵᠡᠢ

ᠬᠥᠪᠰᠥᠭᠥᠯ ᠠᠶᠢᠮᠠᠭ ᠤᠨ ᠤᠯᠠᠭᠠᠨ-ᠠᠭᠤᠯᠠ ᠰᠤᠮᠤ ᠶᠢᠨ ᠣᠷᠴᠢᠮ ᠥᠯᠵᠡᠶᠢᠲᠦ ᠨᠠᠭᠤᠷ ᠲᠤ 5 ᠳᠡᠭᠳᠡᠭᠡᠬᠡᠢ ᠲᠡᠢ ᠬᠤᠨ ᠰᠢᠪᠠᠭᠤ ᠵᠤᠰᠠᠭᠰᠠᠨ ᠪᠠᠶᠢᠨ᠎ᠠ᠃ ᠲᠡᠭᠦᠨ ᠦ ᠨᠢᠭᠡ ᠳᠡᠭᠳᠡᠭᠡᠬᠡᠢ ᠨᠢ ᠭᠡᠮᠲᠦᠵᠦ ᠨᠢᠰᠴᠦ ᠴᠢᠳᠠᠬᠤ ᠦᠭᠡᠢ  ᠭᠠᠭᠴᠠᠭᠠᠷ ᠦᠯᠡᠳᠡᠭᠰᠡᠨ ᠪᠠᠶᠢᠨ᠎ᠠ᠃ ᠨᠠᠭᠤᠷ ᠬᠥᠯᠳᠡᠵᠦ᠂ ᠠᠮᠢᠳᠤᠷᠠᠬᠤ ᠨᠥᠬᠥᠴᠡᠯ ᠨᠢ ᠬᠦᠨᠳᠦᠷᠡᠭᠰᠡᠨ ᠤᠴᠢᠷ ᠠᠴᠠ ᠤᠯᠠᠭᠠᠨ ᠲᠠᠶᠢᠭ᠎ᠠ ᠶᠢᠨ ᠤᠯᠤᠰ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠬᠠᠮᠠᠭᠠᠯᠠᠯᠲᠠ ᠶᠢᠨ ᠵᠠᠬᠢᠷᠭᠠᠨ ᠤ ᠬᠢᠨ ᠳᠡᠭᠳᠡᠭᠡᠬᠡᠢ ᠶᠢ ᠪᠠᠷᠢᠵᠤ᠂ ᠪᠠᠶᠢᠭᠤᠯᠤᠯᠭ᠎ᠠ ᠳᠡᠭᠡᠷ᠎ᠡ ᠪᠡᠨ ᠠᠪᠴᠤ ᠢᠷᠡᠭᠰᠡᠨ ᠪᠠᠶᠢᠨ᠎ᠠ᠃
ᠴᠠᠭᠠᠰᠢᠳᠠ ᠭᠠᠵᠠᠷ ᠦᠵᠡᠵᠦ ᠪᠠᠶᠢᠵᠤ ᠲᠠᠯᠪᠢᠬᠤ ᠡᠰᠡᠪᠡᠯ ᠳᠤᠯᠠᠭᠠᠨ ᠭᠡᠷ ᠪᠡᠯᠡᠳᠴᠦ ᠲᠡᠵᠢᠭᠡᠨ᠂ ᠳᠠᠷᠠᠭ᠎ᠠ ᠬᠠᠪᠤᠷ ᠡᠬᠡ ᠲᠡᠢ ᠨᠢ ᠪᠠᠶᠠᠷ ᠲᠠᠢ ᠠᠭᠤᠯᠵᠠᠭᠤᠯᠬᠤ ᠬᠦᠰᠡᠯ ᠲᠤᠩ ᠴᠤ ᠶᠡᠬᠡ ᠪᠠᠶᠢᠨ᠎ᠠ ᠭᠡᠳᠡᠭ ᠢ ᠤᠯᠠᠭᠠᠨ ᠲᠠᠶᠢᠭ᠎ᠠ ᠶᠢᠨ ᠤᠯᠤᠰ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠬᠠᠮᠠᠭᠠᠯᠠᠯᠲᠠ ᠶᠢᠨ ᠵᠠᠬᠢᠷᠭᠠᠨ ᠤ ᠳᠠᠷᠤᠭ᠎ᠠ ᠵ ∙ ᠲᠡᠮᠦᠷᠰᠦ᠋ᠬᠡ ᠬᠡᠯᠡᠵᠦ ᠪᠠᠶᠢᠯ᠎ᠠ᠃

ᠰᠡᠳᠬᠢᠭᠳᠡᠯ ᠦᠯᠡᠳᠡᠭᠡᠬᠦ