ᠡᠮᠢᠷᠠᠲ ᠤᠯᠤᠰ ᠤᠨ ᠬᠠᠨ ᠬᠦᠦ ᠮᠣᠩᠭᠣᠯ ᠤᠨ ᠦᠵᠡᠰᠭᠦᠯᠡᠩ ᠳᠤ ᠵᠣᠴᠢᠯᠠᠪᠠ | News.MN

ᠡᠮᠢᠷᠠᠲ ᠤᠯᠤᠰ ᠤᠨ ᠬᠠᠨ ᠬᠦᠦ ᠮᠣᠩᠭᠣᠯ ᠤᠨ ᠦᠵᠡᠰᠭᠦᠯᠡᠩ ᠳᠤ ᠵᠣᠴᠢᠯᠠᠪᠠ

ᠮᠣᠩᠭᠣᠯ ᠤᠯᠤᠰ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠳ᠋ᠤᠪᠠᠢ ᠬᠤᠲᠠ ᠳᠤ ᠵᠣᠬᠢᠶᠠᠨ ᠪᠠᠶᠢᠭᠤᠯᠤᠭᠳᠠᠵᠤ ᠪᠤᠢ 《 ᠳ᠋ᠤᠪᠠᠢ ᠡᠺᠰᠫᠣ 2020》ᠳ᠋ᠡᠬᠢ ᠦᠵᠡᠰᠭᠦᠯᠡᠩ ᠦᠨ ᠲᠠᠰᠤᠭ ᠢᠶᠠᠨ ᠲᠥᠪ ᠠᠽᠢᠶ᠎ᠠ ᠶᠢᠨ ᠲᠡᠦᠬᠡ ᠰᠤᠶᠤᠯ᠂ ᠥᠪᠡᠷᠮᠢᠴᠡ ᠣᠷᠴᠢᠨ ᠢ ᠲᠤᠰᠬᠠᠨ  ᠲᠤᠬᠢᠵᠢᠭᠤᠯᠵᠠᠢ᠃ ᠡᠳᠦᠷ ᠲᠦ 800 ᠭᠠᠷᠤᠢ ᠬᠦᠮᠦᠨ ᠮᠣᠩᠭᠣᠯ ᠤᠨ ᠲᠠᠰᠤᠭ ᠢᠶᠠᠷ ᠵᠣᠴᠢᠯᠠᠵᠤ᠂ ᠮᠡᠳᠡᠭᠡᠯᠡᠯ ᠠᠪᠴᠤ ᠪᠠᠶᠢᠨ᠎ᠠ᠃

ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠤᠭᠰᠠᠭ᠎ᠠ ᠵᠠᠯᠭᠠᠮᠵᠢᠯᠠᠬᠤ ᠬᠠᠨ ᠬᠦᠦ ᠱᠸᠢᠾ ᠬᠠᠮᠳᠠᠨ ᠬᠠᠮᠳᠠᠨ ᠪᠢᠩ ᠮᠤᠬᠠᠮᠮᠧᠳ᠋ ᠪᠢᠩ ᠷᠠᠰᠢᠳ᠋ ᠠᠯᠢ ᠮᠠᠺᠲ᠋ᠦᠮ ᠥᠴᠥᠭᠡᠳᠦᠷ ᠮᠣᠩᠭᠣᠯ ᠤᠨ ᠲᠠᠰᠤᠭ ᠲᠤ ᠵᠣᠴᠢᠯᠠᠵᠠᠢ᠃ ᠡᠨᠡ ᠦᠶ᠎ᠡ ᠪᠡᠷ ᠮᠣᠩᠭᠣᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠦᠷᠢ ᠶᠢᠨ ᠲᠠᠩᠬᠢᠮ ᠤᠨ ᠦᠵᠡᠰᠬᠦᠯᠡᠩ ᠶᠠᠭᠠᠷᠮᠠᠭ ᠤᠨ ᠭᠠᠵᠠᠷ ᠤᠨ ᠳᠠᠷᠤᠭ᠎ᠠ ᠴ ∙ ᠪᠠᠲᠤᠲᠤᠯᠭ᠎ᠠ ᠮᠣᠩᠭᠣᠯ ᠤᠨ ᠦᠨᠳᠦᠰᠦᠨ ᠦ ᠮᠦᠽᠧᠢ ᠶᠢᠨ ᠦᠵᠡᠮᠦᠷᠢ ᠨᠦᠭᠦᠳ᠂ ᠦᠨᠳᠦᠰᠦᠨ ᠦ ᠨᠣᠮ ᠤᠨ ᠰᠠᠩ ᠤᠨ ᠪᠦᠲᠦᠭᠡᠯ᠂ ᠱᠣᠩᠬᠣᠷ ᠤᠨ ᠪᠠᠷᠢᠮᠠᠯ ᠪᠣᠯᠤᠨ ᠾᠦᠩᠨᠤ ᠵᠠᠭᠪᠤᠷ ᠤᠨ ᠰᠢᠲᠠᠷ᠎ᠠ ᠶᠢ ᠲᠠᠨᠢᠯᠴᠠᠭᠤᠯᠵᠤ᠂ ᠳᠤᠷᠠᠰᠬᠠᠯ ᠤᠨ ᠪᠡᠯᠡᠭ ᠭᠠᠷᠳᠠᠭᠤᠯᠵᠠᠢ᠃

ᠰᠡᠳᠬᠢᠭᠳᠡᠯ ᠦᠯᠡᠳᠡᠭᠡᠬᠦ