97 ᠮᠢᠩᠭᠠᠨ ᠬᠡᠦᠬᠡᠳ ᠬᠠᠯᠳᠠᠪᠤᠷᠢ ᠠᠪᠴᠠᠢ | News.MN

97 ᠮᠢᠩᠭᠠᠨ ᠬᠡᠦᠬᠡᠳ ᠬᠠᠯᠳᠠᠪᠤᠷᠢ ᠠᠪᠴᠠᠢ

ᠮᠣᠩᠭᠣᠯ ᠤᠯᠤᠰ ᠨᠢ ᠤᠯᠤᠰ ᠤᠨ ᠬᠣᠶᠠᠳᠤᠭᠠᠷ ᠲᠥᠪ ᠡᠮᠨᠡᠯᠭᠡ᠂ ᠬᠠᠯᠳᠠᠪᠤᠷᠢᠲᠤ ᠡᠪᠡᠳᠴᠢᠨ ᠰᠤᠳᠤᠯᠤᠯ ᠤᠨ ᠦᠨᠳᠦᠰᠦᠨ ᠦ ᠲᠥᠪ ᠳᠡᠭᠡᠷ᠎ᠡ ᠳᠠᠷᠬᠠᠯᠠᠵᠢᠭᠤᠯᠤᠯᠲᠠ ᠶᠢᠨ ᠰᠤᠳᠤᠯᠭ᠎ᠠ ᠬᠢᠬᠦ ᠳᠦ ᠨᠡᠮᠡᠯᠲᠡ ᠲᠤᠩ ᠳᠤ ᠬᠠᠮᠤᠷᠤᠭᠳᠠᠭᠠᠳ 14 ᠬᠣᠨᠣᠭ ᠤᠨ ᠳᠠᠷᠠᠭ᠎ᠠ ᠡᠰᠡᠷᠭᠦ ᠪᠡᠶ᠎ᠡ ᠥᠰᠴᠦ᠂ 28᠂ 60 ᠳᠠᠬᠢ ᠬᠣᠨᠣᠭ ᠲᠤ ᠡᠰᠡᠷᠡᠭ ᠪᠡᠶ᠎ᠡ ᠶᠢᠨ ᠲᠦᠪᠰᠢᠨ ᠪᠠᠭᠤᠷᠠᠵᠤ ᠪᠠᠶᠢᠭ᠎ᠠ ᠶᠢ ᠲᠤᠭᠲᠠᠭᠠᠭᠰᠠᠨ᠃ ᠮᠠᠨ ᠤ ᠤᠯᠤᠰ ᠤᠨ ᠨᠡᠶᠢᠲᠡ ᠢᠷᠭᠡᠳ ᠦᠨ 69.3 ᠬᠤᠪᠢ ᠨᠢ ᠸᠠᠺᠼᠢᠨ ᠤ ᠨᠢᠭᠡᠳᠦᠭᠡᠷ ᠲᠤᠩ ᠳᠤ᠂ 65.7 ᠬᠤᠪᠢ ᠨᠢ ᠬᠣᠶᠠᠳᠤᠭᠠᠷ ᠲᠤᠩ ᠳᠤ ᠬᠠᠮᠤᠷᠤᠭᠳᠠᠭᠰᠠᠨ ᠪᠠᠶᠢᠨ᠎ᠠ᠃ ᠬᠠᠷᠢᠨ ᠭᠤᠷᠪᠠᠳᠤᠭᠠᠷ ᠲᠤᠩ ᠳᠤ ᠬᠣᠶᠠᠳᠤᠭᠠᠷ ᠲᠤᠩ ᠳᠤ ᠬᠠᠮᠤᠷᠤᠭᠳᠠᠭᠰᠠᠨ ᠬᠦᠮᠦᠰ ᠦᠨ 20 ᠣᠷᠴᠢᠮ ᠬᠤᠪᠢ ᠪᠤᠶᠤ 380 330 ᠬᠦᠮᠦᠨ ᠬᠠᠮᠤᠷᠤᠭᠳᠠᠭᠠᠳ ᠪᠠᠶᠢᠨ᠎ᠠ᠃
ᠤᠯᠤᠰ ᠤᠨ ᠬᠡᠮᠵᠢᠶᠡᠨ ᠳᠦ ᠨᠡᠶᠢᠲᠡ 97 ᠮᠢᠩᠭᠠᠨ ᠬᠡᠦᠬᠡᠳ ᠬᠠᠯᠳᠠᠪᠤᠷᠢ ᠠᠪᠤᠭᠠᠳ ᠪᠠᠶᠢᠨ᠎ᠠ᠃ ᠨᠡᠶᠢᠲᠡ ᠡᠪᠡᠳᠴᠢᠯᠡᠭᠰᠡᠨ ᠬᠦᠮᠦᠰ ᠦᠨ 20 ᠬᠤᠪᠢ ᠶᠢ ᠬᠡᠦᠬᠡᠳ ᠡᠵᠡᠯᠡᠵᠦ ᠪᠠᠶᠢᠭ᠎ᠠ ᠶᠤᠮ᠃ ᠬᠠᠯᠳᠠᠪᠤᠷᠢ ᠠᠪᠤᠭᠰᠠᠨ ᠨᠡᠶᠢᠲᠡ ᠬᠡᠦᠬᠡᠳ ᠦᠳ ᠦᠨ 26 ᠬᠤᠪᠢ ᠨᠢ 0-4 ᠨᠠᠰᠤᠨ ᠤ ᠬᠡᠦᠬᠡᠳ ᠪᠠᠢᠪᠠ᠃

ᠰᠡᠳᠬᠢᠭᠳᠡᠯ ᠦᠯᠡᠳᠡᠭᠡᠬᠦ