ᠮᠠᠯ ᠬᠤᠯᠠᠭᠠᠶᠢᠯᠠᠭᠰᠠᠨ ᠪᠦᠯᠦᠭ ᠡᠲᠡᠭᠡᠳ ᠦᠳ ᠢ ᠪᠠᠷᠢᠪᠴᠢᠯᠠᠵᠠᠢ | News.MN

ᠮᠠᠯ ᠬᠤᠯᠠᠭᠠᠶᠢᠯᠠᠭᠰᠠᠨ ᠪᠦᠯᠦᠭ ᠡᠲᠡᠭᠡᠳ ᠦᠳ ᠢ ᠪᠠᠷᠢᠪᠴᠢᠯᠠᠵᠠᠢ

ᠤᠳᠠᠭ᠎ᠠ ᠳᠠᠷᠠᠭ᠎ᠠ ᠮᠠᠯ ᠬᠤᠯᠠᠭᠠᠶᠢᠯᠠᠭᠰᠠᠨ ᠪᠦᠯᠦᠭ ᠡᠲᠡᠭᠡᠳ  ᠢ ᠴᠠᠭᠳᠠᠭ᠎ᠠ ᠶᠢᠨ ᠠᠯᠪᠠ ᠬᠠᠭᠠᠭᠴᠢᠳ ᠥᠴᠥᠭᠡᠳᠦᠷ ᠦᠢᠯᠡᠳᠦᠯ ᠳᠡᠭᠡᠷ᠎ᠡ ᠨᠢ ᠢᠯᠡᠷᠡᠭᠦᠯᠵᠡᠢ᠃ ᠲᠣᠳᠣᠷᠠᠭᠤᠯᠪᠠᠯ᠂ ᠨᠠᠯᠠᠶᠢᠬᠤ ᠳᠡᠭᠦᠷᠭᠡ ᠶᠢᠨ ᠨᠤᠲᠤᠭ ᠳᠡᠪᠢᠰᠬᠡᠷ ᠲᠦ ᠥᠴᠥᠭᠡᠳᠦᠷ 22᠄00 ᠴᠠᠭ ᠤᠨ ᠣᠷᠴᠢᠮ ᠡᠷᠡᠭᠦᠦ ᠶᠢᠨ ᠴᠠᠭᠳᠠᠭ᠎ᠠ ᠶᠢᠨ ᠠᠯᠪᠠ᠂ ᠲᠥᠪ᠂ ᠬᠡᠨᠲᠡᠢ ᠠᠶᠢᠮᠠᠭ ᠳᠠᠬᠢ ᠴᠠᠭᠳᠠᠭ᠎ᠠ ᠶᠢᠨ ᠭᠠᠵᠠᠷ ᠪᠣᠯᠤᠨ ᠨᠠᠯᠠᠶᠢᠬᠤ ᠳᠡᠭᠦᠷᠭᠡ ᠳ᠋ᠡᠬᠢ ᠴᠠᠭᠳᠠᠭ᠎ᠠ ᠶᠢᠨ ᠬᠡᠯᠲᠡᠰ ᠦᠨ ᠠᠯᠪᠠ ᠬᠠᠭᠠᠭᠴᠢᠳ ᠬᠠᠮᠲᠤᠷᠠᠨ ᠠ᠂ ᠳ᠂ ᠮ᠂ ᠠ᠂ ᠪ ᠨᠠᠷ ᠤᠨ ᠪᠦᠯᠦᠭ ᠡᠲᠡᠭᠡᠳ ᠦᠳ ᠢ ᠪᠤᠰᠤᠳ ᠤᠨ ᠵᠢᠷᠭᠤᠭᠠᠨ ᠪᠣᠳᠠ ᠮᠠᠯ ᠢ ᠬᠤᠯᠠᠭᠠᠶᠢᠯᠠᠨ ᠲᠡᠭᠡᠭᠡᠪᠦᠷᠢᠯᠡᠵᠦ ᠶᠠᠪᠤᠬᠤ ᠳᠤ ᠰᠠᠭᠠᠳᠠᠭᠤᠯᠤᠨ ᠦᠢᠯᠡᠳᠦᠯ ᠳᠡᠭᠡᠷ᠎ᠡ ᠨᠢ ᠪᠠᠷᠢᠪᠴᠢᠯᠠᠭᠰᠠᠨ ᠪᠠᠶᠢᠨ᠎ᠠ᠃
ᠮᠥᠨ ᠤᠷᠢᠳᠴᠢᠯᠠᠭᠰᠠᠨ ᠪᠠᠶᠢᠳᠠᠯ ᠢᠶᠠᠷ ᠤᠭ ᠪᠦᠯᠦᠭ ᠡᠲᠡᠭᠡᠳ 10 ᠬᠣᠨᠣᠭ ᠤᠨ ᠡᠮᠦᠨ᠎ᠡ ᠬᠡᠨᠲᠡᠢ ᠠᠶᠢᠮᠠᠭ ᠤᠨ ᠳᠡᠯᠭᠡᠷᠬᠠᠨ ᠰᠤᠮᠤ ᠶᠢᠨ ᠨᠤᠲᠤᠭ ᠳᠡᠪᠢᠰᠬᠡᠷ ᠡᠴᠡ ᠶᠢᠰᠦᠨ ᠦᠬᠡᠷ ᠬᠤᠯᠠᠭᠠᠶᠢᠯᠠᠵᠤ᠂ ᠨᠢᠳᠤᠯᠠᠵᠤ ᠵᠠᠷᠤᠭᠰᠠᠨ ᠨᠢ ᠲᠣᠭᠲᠠᠭᠠᠭᠳᠠᠵᠠᠢ᠃  ᠬᠦᠢᠲᠡᠨ ᠦ ᠤᠯᠠᠷᠢᠯ ᠡᠬᠢᠯᠡᠵᠦ᠂ ᠢᠷᠭᠡᠳ ᠢᠳᠡᠰᠢ ᠪᠡᠨ ᠪᠡᠯᠡᠳᠬᠡᠬᠦ ᠡᠨᠡ ᠦᠶ᠎ᠡ ᠳᠦ ᠮᠠᠯ ᠤᠨ ᠬᠤᠯᠠᠭᠠᠢ ᠶᠢᠨ ᠭᠡᠮᠲᠦ ᠬᠡᠷᠡᠭ ᠥᠰᠬᠦ ᠬᠠᠨᠳᠤᠯᠭ᠎ᠠ ᠲᠠᠢ ᠪᠠᠶᠢᠳᠠᠭ ᠲᠤᠯᠠ ᠢᠷᠭᠡᠳ ᠥᠪᠡᠷᠰᠡᠳ ᠦᠨ ᠡᠳ᠋ ᠬᠥᠷᠥᠩᠭᠡ᠂ ᠴᠠᠭᠠᠰᠢᠯᠠᠭᠠᠳ ᠦᠨᠳᠦᠰᠦᠨ ᠦ ᠪᠠᠶᠠᠯᠢᠭ ᠪᠣᠯᠤᠭᠰᠠᠨ ᠮᠠᠯ ᠰᠦᠷᠦᠭ ᠢᠶᠡᠨ ᠪᠠᠶᠢᠩᠭᠤ ᠶᠢᠨ ᠬᠠᠷᠢᠭᠤᠯᠭ᠎ᠠ᠂ ᠮᠠᠯᠯᠠᠭ᠎ᠠ ᠲᠠᠢ ᠪᠠᠶᠢᠯᠭᠠᠬᠤ ᠶᠢ ᠴᠠᠭᠳᠠᠭ᠎ᠠ ᠶᠢᠨ ᠪᠠᠶᠢᠭᠤᠯᠤᠯᠭ᠎ᠠ ᠠᠴᠠ ᠠᠩᠬᠠᠷᠤᠭᠤᠯᠤᠯ᠎ᠠ᠃

ᠰᠡᠳᠬᠢᠭᠳᠡᠯ ᠦᠯᠡᠳᠡᠭᠡᠬᠦ