《IT ᠫᠠᠷᠠᠯᠢᠮᠫᠢᠶᠠᠳ᠋ 2021》ᠲᠡᠮᠡᠴᠡᠭᠡᠨ ᠳᠦ ᠮᠣᠩᠭᠣᠯ ᠵᠠᠯᠠᠭᠤᠰ ᠲᠡᠷᠢᠭᠦᠯᠡᠪᠡ | News.MN

《IT ᠫᠠᠷᠠᠯᠢᠮᠫᠢᠶᠠᠳ᠋ 2021》ᠲᠡᠮᠡᠴᠡᠭᠡᠨ ᠳᠦ ᠮᠣᠩᠭᠣᠯ ᠵᠠᠯᠠᠭᠤᠰ ᠲᠡᠷᠢᠭᠦᠯᠡᠪᠡ

《ᠬᠥᠭᠵᠢᠯ ᠦᠨ ᠪᠡᠷᠬᠡᠰᠢᠶᠡᠯ ᠲᠡᠢ ᠵᠠᠯᠠᠭᠤᠰ ᠤᠨ ᠳᠡᠯᠡᠬᠡᠢ ᠶᠢᠨ ᠰᠣᠷᠢᠯᠲᠠ-IT ᠫᠠᠷᠠᠯᠢᠮᠫᠢᠶᠠᠳ᠋ 2021》ᠲᠡᠮᠡᠴᠡᠭᠡᠨ ᠦ ᠡᠴᠦᠰ ᠦᠨ ᠱᠠᠲᠤᠨ ᠤ ᠰᠢᠯᠭᠠᠷᠠᠭᠤᠯᠤᠯᠲᠠ ᠠᠷᠪᠠᠳᠤᠭᠠᠷ ᠰᠠᠷ᠎ᠠ ᠶᠢᠨ 20᠂ 21 ᠳᠤ ᠣᠨᠯᠠᠶᠢᠨ ᠢᠶᠠᠷ ᠪᠤᠯᠵᠤ᠂ ᠤᠭ ᠲᠡᠮᠡᠴᠡᠭᠡᠨ ᠦ Creative ᠪᠤᠶᠤ  ᠷᠤᠪᠤᠲ ᠮᠠᠰᠢᠨ ᠤ ᠲᠥᠷᠥᠯ ᠳᠦ ᠮᠣᠩᠭᠣᠯ ᠤᠨ ᠲᠡᠷᠭᠡᠨᠴᠢᠷ ᠲᠡᠢ ᠢᠷᠭᠡᠳ ᠦᠨ ᠦᠨᠳᠦᠰᠦᠨ ᠦ ᠬᠣᠯᠪᠣᠭᠠᠨ ᠤ ᠭᠡᠰᠢᠭᠦᠨ ᠱ∙ᠰᠠᠮᠲᠠᠨ ᠠᠬᠠᠯᠠᠭᠴᠢ ᠲᠠᠢ ᠪᠠᠭ ᠤᠨ ᠬᠢᠨ ᠲᠡᠷᠢᠭᠦᠨ ᠪᠠᠶᠢᠷᠢ ᠳᠤ ᠣᠷᠣᠭᠰᠠᠨ ᠪᠠᠶᠢᠨ᠎ᠠ᠃

ᠲᠡᠮᠡᠴᠡᠭᠡᠨ ᠦ ᠲᠥᠷᠥᠯ ᠲᠤᠰ ᠪᠦᠷᠢ ᠶᠢᠨ ᠢᠯᠠᠭᠴᠢᠳ 300 ᠬᠦᠷᠲᠡᠯ᠎ᠡ ᠳ᠋ᠣᠯᠯᠠᠷ ᠤᠨ ᠱᠠᠩᠨᠠᠯ ᠬᠦᠷᠲᠡᠬᠦ ᠶᠤᠮ᠃ ᠮᠥᠨ ᠲᠡᠮᠡᠴᠡᠭᠡᠨ ᠳᠦ ᠵᠠᠯᠠᠭᠤᠰ ᠢ ᠣᠷᠤᠯᠴᠠᠭᠤᠯᠬᠤ ᠠᠵᠢᠯ ᠢ ᠠᠮᠵᠢᠯᠲᠠ ᠲᠠᠢ᠂ ᠢᠳᠡᠪᠬᠢᠲᠡᠢ ᠵᠣᠬᠢᠶᠠᠨ ᠪᠠᠶᠢᠭᠤᠯᠤᠭᠰᠠᠨ ᠰᠣᠨᠣᠰᠬᠠᠯ ᠤᠨ ᠪᠡᠷᠬᠡᠰᠢᠶᠡᠯ ᠲᠡᠢ ᠢᠷᠭᠡᠳ ᠦᠨ ᠰᠤᠶᠤᠯ ᠤᠨ ᠲᠥᠪ ᠦᠨ ᠭᠦᠢᠴᠡᠳᠭᠡᠬᠦ ᠵᠠᠬᠢᠷᠤᠯ ᠵ∙ᠳᠤᠯᠮᠠᠰᠦ᠋ᠷᠦᠩ《ᠰᠢᠯᠢᠳᠡᠭ ᠬᠤᠪᠢ ᠨᠡᠮᠡᠷᠢ ᠶᠢᠨ ᠱᠠᠩᠨᠠᠯ》ᠬᠦᠷᠲᠡᠵᠡᠢ᠃

ᠰᠡᠳᠬᠢᠭᠳᠡᠯ ᠦᠯᠡᠳᠡᠭᠡᠬᠦ