ᠡᠮᠨᠡᠯᠭᠡ ᠶᠢᠨ ᠲᠣᠨᠣᠭ ᠲᠥᠬᠥᠭᠡᠷᠦᠮᠵᠢ ᠶᠢᠨ 40 ᠬᠤᠪᠢ ᠶᠢ ᠬᠢᠲᠠᠳ ᠠᠴᠠ ᠤᠷᠤᠭᠤᠯᠳᠠᠭ | News.MN

ᠡᠮᠨᠡᠯᠭᠡ ᠶᠢᠨ ᠲᠣᠨᠣᠭ ᠲᠥᠬᠥᠭᠡᠷᠦᠮᠵᠢ ᠶᠢᠨ 40 ᠬᠤᠪᠢ ᠶᠢ ᠬᠢᠲᠠᠳ ᠠᠴᠠ ᠤᠷᠤᠭᠤᠯᠳᠠᠭ

ᠡᠷᠡᠭᠦᠯ ᠮᠡᠨᠳᠦ ᠶᠢᠨ ᠰᠠᠯᠪᠤᠷᠢ ᠳᠤ ᠤᠯᠤᠰ ᠤᠨ ᠲᠥᠰᠥᠪ ᠦᠨ ᠬᠥᠷᠥᠩᠭᠡ ᠣᠷᠣᠭᠤᠯᠤᠯᠲᠠ ᠪᠠᠷ 2019 ᠣᠨ ᠳᠤ 10.1 ᠲᠡᠷᠪᠤᠮ᠂ 2020 ᠣᠨ ᠳᠤ 38.5 ᠲᠡᠷᠪᠤᠮ᠂ 2021 ᠣᠨ ᠳᠤ 12.6 ᠲᠡᠷᠪᠤᠮ᠂ ᠲᠥᠰᠥᠪ ᠦᠨ ᠲᠣᠳᠣᠳᠬᠠᠯ ᠢᠶᠠᠷ 110 ᠲᠡᠷᠪᠤᠮ︵ᠲᠠᠬᠤᠯ ᠤᠨ ᠡᠪᠡᠳᠴᠢᠯᠡᠯ ᠲᠡᠢ ᠬᠣᠯᠪᠣᠭᠳᠠᠭᠤᠯᠤᠨ︶ᠲᠥᠭᠥᠷᠢᠭ ᠢ ᠲᠣᠨᠣᠭ ᠲᠥᠬᠥᠭᠡᠷᠦᠮᠵᠢ ᠬᠤᠳᠠᠯᠳᠤᠨ ᠠᠪᠬᠤ ᠪᠠᠷ ᠵᠣᠷᠢᠭᠤᠯᠤᠨ ᠪᠠᠲᠤᠯᠠᠭᠰᠠᠨ ᠪᠥᠭᠡᠳ ᠮᠣᠩᠭᠣᠯ ᠤᠯᠤᠰ ᠤᠨ 2022 ᠣᠨ ᠤ ᠲᠥᠰᠥᠪ ᠦᠨ ᠲᠤᠬᠠᠢ ᠬᠠᠤᠯᠢ ᠶᠢᠨ ᠲᠥᠰᠥᠯ ᠳᠦ 17.8 ᠲᠡᠷᠪᠤᠮ ᠲᠥᠭᠥᠷᠢᠭ ᠢ ᠲᠤᠰᠬᠠᠭᠠᠳ ᠪᠠᠶᠢᠨ᠎ᠠ᠃
ᠥᠨᠥᠳᠥᠷ ᠦᠨ ᠪᠠᠶᠢᠳᠠᠯ ᠢᠶᠠᠷ ᠮᠣᠩᠭᠣᠯ ᠳᠤ ᠠᠰᠢᠭᠯᠠᠵᠤ ᠪᠠᠶᠢᠭ᠎ᠠ 2790 ᠨᠡᠷ᠎ᠡ ᠲᠥᠷᠥᠯ ᠦᠨ ᠡᠮᠨᠡᠯᠭᠡ ᠶᠢᠨ ᠨᠡᠶᠢᠲᠡ ᠲᠣᠨᠣᠭ ᠲᠥᠬᠥᠭᠡᠷᠦᠮᠵᠢ ᠶᠢᠨ 40 ᠬᠤᠪᠢ ᠭᠠᠷᠤᠢ ᠶᠢ ᠬᠢᠲᠠᠳ᠂16 ᠬᠤᠪᠢ ᠶᠢ ᠠᠮᠧᠷᠢᠺᠠ ᠂12 ᠬᠤᠪᠢ ᠶᠢ ᠰᠤᠯᠤᠩᠭᠤᠰ᠂7 ᠬᠤᠪᠢ ᠶᠢ ᠭᠧᠷᠮᠠᠨ ᠤᠯᠤᠰ᠂ ᠦᠯᠡᠳᠡᠭᠰᠡᠨ ᠬᠤᠪᠢ ᠶᠢ ᠮᠠᠯᠠᠢᠰᠢᠶ᠎ᠠ᠂ ᠶᠠᠫᠣᠨ᠂ ᠢᠨᠳᠤᠨᠢᠰᠢᠶ᠎ᠠ᠂ ᠡᠨᠡᠳᠬᠡᠭ᠂ ᠲᠠᠢᠯᠠᠨᠳ᠋ ᠵᠡᠷᠭᠡ 10 ᠭᠠᠷᠤᠢ ᠣᠷᠣᠨ ᠠᠴᠠ ᠨᠡᠶᠢᠯᠡᠭᠦᠯᠵᠦ ᠪᠠᠶᠢᠨ᠎ᠠ᠃

ᠰᠡᠳᠬᠢᠭᠳᠡᠯ ᠦᠯᠡᠳᠡᠭᠡᠬᠦ