《 ᠰᠦ ᠲᠠᠷᠠᠭ》ᠬᠥᠲᠥᠯᠪᠦᠷᠢ ᠬᠡᠷᠡᠭᠵᠢᠭᠦᠯᠦᠨ᠎ᠡ | News.MN

《 ᠰᠦ ᠲᠠᠷᠠᠭ》ᠬᠥᠲᠥᠯᠪᠦᠷᠢ ᠬᠡᠷᠡᠭᠵᠢᠭᠦᠯᠦᠨ᠎ᠡ

ᠡᠮᠦᠨᠡᠭᠣᠪᠢ ᠠᠶᠢᠮᠠᠭ ᠤᠨ ᠵᠠᠰᠠᠭ ᠳᠠᠷᠤᠭ᠎ᠠ ᠶᠢᠨ ᠦᠢᠯᠡ ᠠᠵᠢᠯᠯᠠᠭᠠᠨ ᠤ 2020-2024 ᠣᠨ ᠳᠤ ᠬᠡᠷᠡᠭᠵᠢᠭᠦᠯᠬᠦ 《ᠨᠤᠲᠤᠭ ᠤᠨ ᠬᠡᠰᠢᠭ》 ᠬᠥᠲᠥᠯᠪᠦᠷᠢ ᠶᠢᠨ ᠬᠦᠷᠢᠶᠡᠨ ᠳᠦ《ᠰᠦ ᠲᠠᠷᠠᠭ》ᠬᠥᠲᠥᠯᠪᠦᠷᠢ ᠶᠢ ᠬᠡᠷᠡᠭᠵᠢᠭᠦᠯᠬᠦ ᠪᠡᠷ ᠪᠣᠯᠤᠯ᠎ᠠ᠃ ᠲᠤᠰ ᠬᠥᠲᠥᠯᠪᠦᠷᠢ ᠨᠢ ᠪᠠᠭ᠎ᠠ ᠨᠠᠰᠤᠨ ᠤ ᠬᠡᠦᠬᠡᠳ ᠦᠨ ᠥᠰᠦᠯᠲᠡ᠂ ᠬᠥᠭᠵᠢᠯ ᠦᠨ ᠪᠡᠷᠬᠡᠰᠢᠶᠡᠯ ᠲᠡᠢ ᠪᠠᠶᠢᠩᠭᠤ ᠶᠢᠨ ᠠᠰᠠᠷᠠᠭ᠎ᠠ ᠲᠠᠢ ᠬᠡᠦᠬᠡᠳ ᠦᠨ ᠬᠣᠭᠣᠯᠠ ᠲᠡᠵᠢᠭᠡᠯ ᠢ ᠳᠡᠮᠵᠢᠵᠦ ᠪᠠᠶᠢᠭ᠎ᠠ ᠶᠤᠮ᠃

ᠳᠠᠯᠠᠨᠵᠠᠳᠠᠭᠠᠢᠲᠤ ᠰᠤᠮᠤᠨ ᠳᠤ ᠣᠷᠣᠨ ᠨᠤᠲᠤᠭ ᠤᠨ ᠰᠦ ᠰᠦᠨ ᠪᠦᠲᠦᠭᠡᠭᠳᠡᠬᠦᠨ ᠦ ᠦᠢᠯᠡᠳᠪᠦᠷᠢᠯᠡᠯ ᠡᠷᠬᠢᠯᠡᠭᠴᠢ 《 ᠳᠠᠪᠬᠤᠷᠰᠠᠷᠠ》  ᠺᠤᠮᠫᠠᠨᠢ ᠤᠭ ᠲᠥᠰᠥᠯ ᠦᠨ ᠭᠦᠢᠴᠡᠳᠬᠡᠭᠴᠢ ᠺᠣᠮᠫᠠᠨᠢ ᠪᠠᠷ ᠰᠢᠯᠭᠠᠷᠠᠵᠠᠢ᠃《ᠰᠦ ᠲᠠᠷᠠᠭ》ᠬᠥᠲᠥᠯᠪᠦᠷᠢ ᠨᠢ 2013-2016 ᠣᠨ ᠳᠤ ᠠᠮᠵᠢᠯᠲᠠᠲᠠᠢ ᠬᠡᠷᠡᠭᠵᠢᠵᠦ᠂ 4 ᠵᠢᠯ ᠦᠨ ᠬᠤᠭᠤᠴᠠᠭᠠᠨ ᠳᠤ 9130 ᠬᠡᠦᠬᠡᠳ ᠢ ᠬᠠᠮᠤᠷᠤᠭᠤᠯᠵᠤ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ