ᠴ∙ᠣᠶᠤᠨᠳᠠᠷᠢ ᠶᠢ ᠠᠷᠠᠳᠴᠢᠯᠠᠭᠰᠠᠨ ᠨᠠᠮ ᠤᠨ ᠪᠦᠯᠦᠭ ᠦᠨ ᠵᠥᠪᠯᠡᠬᠦ ᠪᠡᠷ ᠲᠣᠮᠢᠯᠠᠵᠠᠢ | News.MN

ᠴ∙ᠣᠶᠤᠨᠳᠠᠷᠢ ᠶᠢ ᠠᠷᠠᠳᠴᠢᠯᠠᠭᠰᠠᠨ ᠨᠠᠮ ᠤᠨ ᠪᠦᠯᠦᠭ ᠦᠨ ᠵᠥᠪᠯᠡᠬᠦ ᠪᠡᠷ ᠲᠣᠮᠢᠯᠠᠵᠠᠢ

ᠴ∙ᠣᠶᠤᠨᠳᠠᠷᠢ ᠶᠢ ᠤᠯᠤᠰ ᠤᠨ ᠶᠡᠬᠡ ᠬᠤᠷᠠᠯ ᠳ᠋ᠡᠬᠢ ᠠᠷᠠᠳᠴᠢᠯᠠᠭᠰᠠᠨ ᠨᠠᠮ ᠤᠨ ᠪᠦᠯᠦᠭ ᠦᠨ ᠬᠡᠪᠯᠡᠯ ᠮᠡᠳᠡᠭᠡᠯᠡᠯ ᠣᠯᠠᠨ ᠨᠡᠶᠢᠲᠡ ᠲᠡᠢ ᠬᠠᠷᠢᠯᠴᠠᠬᠤ ᠬᠡᠰᠡᠭ ᠦᠨ ᠵᠥᠪᠯᠡᠬᠦ ᠪᠡᠷ ᠥᠨᠥᠳᠥᠷ ᠲᠣᠮᠢᠯᠠᠭᠰᠠᠨ ᠪᠠᠶᠢᠨ᠎ᠠ᠃ ᠲᠡᠷᠡᠪᠡᠷ 1993 ᠣᠨ ᠳᠤ ᠲᠥᠷᠥ ᠨᠡᠶᠢᠭᠡᠮ ᠰᠤᠳᠤᠯᠤᠯ ᠤᠨ ᠠᠺᠠᠳᠧᠮᠢ ᠶᠢ ᠤᠯᠤᠰ ᠲᠥᠷᠥ ᠰᠤᠳᠤᠯᠤᠭᠠᠴᠢ᠂ ᠡᠳ᠋ ᠦᠨ ᠵᠠᠰᠠᠭᠴᠢ ᠮᠡᠷᠭᠡᠵᠢᠯ ᠢᠶᠡᠷ ᠲᠡᠭᠦᠰᠦᠭᠰᠡᠨ᠃

2006-2008 ᠣᠨ ᠳᠤ ᠠᠮᠧᠷᠢᠺᠠ ᠶᠢᠨ ᠺᠠᠯᠢᠹᠤᠷᠨᠢᠶ᠎ᠠ ᠶᠡᠬᠡ ᠰᠤᠷᠭᠠᠭᠤᠯᠢ ᠶᠢᠨ ᠰᠡᠳᠬᠦᠯ ᠵᠦᠢ ᠶᠢᠨ ᠳᠡᠭᠡᠳᠦ ᠰᠤᠷᠭᠠᠭᠤᠯᠢ ᠶᠢ ᠳᠦᠭᠦᠷᠭᠡᠵᠦ᠂ ᠰᠡᠳᠬᠦᠯ ᠵᠦᠢ ᠶᠢᠨ ᠮᠠᠰᠲ᠋ᠸᠷ ᠦᠨ ᠵᠡᠷᠭᠡ ᠶᠢ ᠬᠠᠮᠠᠭᠠᠯᠠᠵᠠᠢ᠃ 2012-2015 ᠣᠨ ᠳᠤ ᠠᠷᠠᠳᠴᠢᠯᠠᠭᠰᠠᠨ ᠨᠠᠮ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ᠂ 2015 ᠣᠨ ᠳᠤ ᠮᠤᠩᠭᠤᠯ ᠤᠨ ᠦᠨᠳᠦᠰᠦᠨ ᠦ ᠤᠯᠠᠨ ᠨᠡᠢᠲᠡ ᠶᠢᠨ ᠷᠠᠳᠢᠤ᠋ ᠲᠸᠯᠸᠢᠰ ᠦᠨ ᠵᠠᠬᠢᠷᠤᠯ᠂ 2021 ᠣᠨ ᠠᠴᠠ ᠠᠷᠠᠳᠴᠢᠯᠠᠭᠰᠠᠨ ᠨᠠᠮ ᠤᠨ ᠳᠡᠳ᠋ ᠳᠠᠷᠤᠭ᠎ᠠ ᠪᠠᠷ ᠠᠵᠢᠯᠯᠠᠵᠤ ᠪᠠᠶᠢᠪᠠ᠃

ᠰᠡᠳᠬᠢᠭᠳᠡᠯ ᠦᠯᠡᠳᠡᠭᠡᠬᠦ