ᠪᠣᠺᠰ ᠤᠨ ᠳᠡᠯᠡᠬᠡᠢ ᠶᠢᠨ ᠲᠡᠮᠡᠴᠡᠭᠡᠨ ᠳᠦ ᠶᠢᠰᠦᠨ ᠲᠠᠮᠢᠷᠴᠢᠨ ᠣᠷᠣᠯᠴᠠᠨ᠎ᠠ | News.MN

ᠪᠣᠺᠰ ᠤᠨ ᠳᠡᠯᠡᠬᠡᠢ ᠶᠢᠨ ᠲᠡᠮᠡᠴᠡᠭᠡᠨ ᠳᠦ ᠶᠢᠰᠦᠨ ᠲᠠᠮᠢᠷᠴᠢᠨ ᠣᠷᠣᠯᠴᠠᠨ᠎ᠠ

ᠣᠯᠠᠨ ᠤᠯᠤᠰ ᠤᠨ ᠪᠣᠺᠰ ᠤᠨ ᠬᠣᠯᠪᠣᠭ᠎ᠠ︵AIBA︶ ᠶᠢᠨ ᠡᠷᠡᠭᠲᠡᠶᠢᠴᠦᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠷᠪᠠᠳᠤᠭᠠᠷ ᠰᠠᠷ᠎ᠠ ᠶᠢᠨ 22  ᠳᠦ ᠰᠸᠷᠪᠢᠶ᠎ᠡ ᠤᠯᠤᠰ ᠲᠤ ᠡᠬᠢᠯᠡᠨ᠎ᠡ᠃ 108 ᠣᠷᠣᠨ ᠤ 600 ᠭᠠᠷᠤᠢ ᠲᠠᠮᠢᠷᠴᠢᠳ 13 ᠵᠢᠩ ᠳᠦ ᠥᠷᠢᠰᠥᠯᠳᠥᠬᠦ ᠲᠡᠮᠡᠴᠡᠭᠡᠨ ᠳᠦ ᠮᠠᠨ ᠤ ᠤᠯᠤᠰ ᠠᠴᠠ ᠶᠢᠰᠦᠨ ᠲᠠᠮᠢᠷᠴᠢᠨ ᠣᠷᠣᠯᠴᠠᠨ᠎ᠠ᠃
ᠰᠢᠭᠰᠢᠭᠡ ᠪᠠᠭ ᠤᠨ ᠠᠬᠠᠯᠠᠬᠤ ᠳᠠᠰᠬᠠᠯᠵᠢᠭᠤᠯᠤᠭᠴᠢ ᠪᠠᠷ ᠵ∙ᠡᠩᠬᠡᠲᠦ᠋ᠷᠦ᠂ ᠳᠠᠰᠬᠠᠯᠵᠢᠭᠤᠯᠤᠭᠴᠢ ᠪᠠᠷ ᠣ᠊∙ᠪᠠᠲᠤᠬᠦᠦ᠂ ᠪ∙ᠡᠷᠳᠡᠨᠢᠪᠠᠶᠠᠷ᠂ ᠪᠠᠭ ᠤᠨ ᠡᠮᠴᠢ ᠪᠡᠷ ᠴ∙ᠨᠠᠰᠤᠨᠪᠠᠲᠤ ᠠᠵᠢᠯᠯᠠᠨ᠎ᠠ᠃ ᠮᠥᠨ ᠭ∙ᠪᠠᠳᠠᠷᠠᠬᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠮᠣᠩᠭᠣᠯ ᠤᠯᠤᠰ ᠠᠴᠠ ᠣᠷᠣᠯᠴᠠᠭᠰᠠᠨ ᠠᠩᠬᠠᠨ ᠤ ᠰᠢᠭᠦᠭᠴᠢ ᠪᠣᠯᠤᠨ᠎ᠠ

ᠰᠡᠳᠬᠢᠭᠳᠡᠯ ᠦᠯᠡᠳᠡᠭᠡᠬᠦ