ᠣᠲᠣᠷ ᠤᠨ ᠪᠥᠰᠡ ᠨᠤᠲᠤᠭ ᠲᠤ 850 ᠮᠢᠩᠭᠠᠨ ᠲᠣᠯᠣᠭᠠᠢ ᠮᠠᠯ ᠡᠪᠦᠯᠵᠢᠭᠦᠯᠬᠦ ᠪᠣᠯᠤᠮᠵᠢ ᠲᠠᠢ | News.MN

ᠣᠲᠣᠷ ᠤᠨ ᠪᠥᠰᠡ ᠨᠤᠲᠤᠭ ᠲᠤ 850 ᠮᠢᠩᠭᠠᠨ ᠲᠣᠯᠣᠭᠠᠢ ᠮᠠᠯ ᠡᠪᠦᠯᠵᠢᠭᠦᠯᠬᠦ ᠪᠣᠯᠤᠮᠵᠢ ᠲᠠᠢ

ᠤᠯᠤᠰ ᠤᠨ ᠲᠤᠰᠬᠠᠢ ᠬᠡᠷᠡᠭᠴᠡᠭᠡᠨ ᠦ ᠠᠶᠢᠮᠠᠭ ᠳᠤᠮᠳᠠ ᠶᠢᠨ ᠠᠷᠭᠠᠯᠠᠩᠲᠤ᠂ ᠠᠴᠢᠲᠤ ᠨᠠᠭᠤᠷ᠂ ᠪᠠᠭᠠᠬᠠᠶᠢᠷᠬᠠᠨ᠂ ᠪᠠᠶᠠᠨ ᠨᠠᠭᠤᠷ᠂ ᠮᠠᠯᠠᠬᠤ᠂ ᠴᠢᠯᠡᠨ᠂ ᠴᠣᠶᠢᠪᠠᠯᠰᠠᠩ᠂ ᠬᠥᠬᠡ ᠳᠡᠯ᠂ ᠬᠡᠷᠦᠯᠦᠨ ᠪᠠᠶᠠᠨ-ᠤᠯᠠᠭᠠᠨ ᠣᠲᠣᠷ ᠤᠨ ᠪᠥᠰᠡ ᠶᠢᠨ ᠪᠡᠯᠴᠢᠭᠡᠷ ᠦᠨ ᠳᠠᠭᠠᠭᠠᠴᠠ ᠲᠣᠳᠣᠷᠬᠠᠶᠢᠯᠠᠬᠤ ᠠᠵᠢᠯ ᠢ ᠨᠠᠢ᠌ᠮᠠᠳᠤᠭᠠᠷ ᠰᠠᠷ᠎ᠠ ᠳᠤ ᠵᠣᠬᠢᠶᠠᠨ ᠪᠠᠶᠢᠭᠤᠯᠵᠠᠢ᠃

ᠡᠳᠡᠭᠡᠷ ᠪᠥᠰᠡ ᠨᠤᠲᠤᠭ ᠲᠤ 2021-2022 ᠣᠨ ᠤ ᠡᠪᠦᠯ ᠨᠡᠶᠢᠲᠡ ᠬᠣᠨᠢᠨ ᠲᠣᠯᠣᠭᠠᠢ ᠳᠤ ᠰᠢᠯᠵᠢᠭᠦᠯᠦᠭᠰᠡᠨ ᠢᠶᠡᠷ 854 ᠮᠢᠩᠭᠠᠨ ᠲᠣᠯᠣᠭᠠᠢ ᠮᠠᠯ ᠢ ᠡᠪᠦᠯᠵᠢᠭᠦᠯᠬᠦ ᠪᠡᠯᠴᠢᠭᠡᠷ ᠦᠨ ᠳᠠᠭᠠᠭᠠᠴᠠ ᠲᠠᠢ ᠭᠡᠰᠡᠨᠳ᠋ᠦᠩ ᠭᠠᠷᠤᠭᠰᠠᠨ ᠪᠠᠶᠢᠨ᠎ᠠ᠃ ᠣᠲᠣᠷ ᠤᠨ ᠪᠥᠰᠡ ᠨᠤᠲᠤᠭ ᠲᠤ 19 ᠠᠶᠢᠮᠠᠭ ᠤᠨ 70 ᠰᠤᠮᠤ ᠶᠢᠨ 1850 ᠮᠠᠯᠴᠢᠨ ᠡᠷᠦᠬᠡ ᠶᠢᠨ ᠮᠠᠯ ᠢ ᠡᠪᠦᠯᠵᠢᠭᠦᠯᠬᠦ ᠪᠡᠯᠡᠳᠬᠡᠯ ᠠᠵᠢᠯ ᠢ ᠬᠠᠩᠭᠠᠵᠠᠢ᠃

ᠰᠡᠳᠬᠢᠭᠳᠡᠯ ᠦᠯᠡᠳᠡᠭᠡᠬᠦ