ᠠᠷᠠᠳᠴᠢᠯᠠᠭᠰᠠᠨ ᠨᠠᠮ ᠤᠨ ᠪᠦᠯᠦᠭ ᠮᠥᠩᠭᠥᠨ ᠦ ᠪᠣᠳᠣᠯᠭ᠎ᠠ ᠶᠢᠨ ᠲᠠᠯ᠎ᠠ ᠪᠠᠷ ᠮᠡᠳᠡᠭᠡᠯᠡᠯ ᠰᠤᠨᠤᠰᠪᠠ | News.MN

ᠠᠷᠠᠳᠴᠢᠯᠠᠭᠰᠠᠨ ᠨᠠᠮ ᠤᠨ ᠪᠦᠯᠦᠭ ᠮᠥᠩᠭᠥᠨ ᠦ ᠪᠣᠳᠣᠯᠭ᠎ᠠ ᠶᠢᠨ ᠲᠠᠯ᠎ᠠ ᠪᠠᠷ ᠮᠡᠳᠡᠭᠡᠯᠡᠯ ᠰᠤᠨᠤᠰᠪᠠ

ᠤᠯᠤᠰ ᠤᠨ ᠶᠡᠬᠡ ᠬᠤᠷᠠᠯ ᠳ᠋ᠡᠬᠢ ᠠᠷᠠᠳᠴᠢᠯᠠᠭᠰᠠᠨ ᠨᠠᠮ ᠤᠨ ᠪᠦᠯᠦᠭ ᠦᠨ ᠥᠨᠥᠳᠥᠷ ᠦᠨ ᠬᠤᠷᠠᠯᠳᠤᠭᠠᠨ ᠢᠶᠠᠷ᠂︽ᠲᠥᠷᠥ ᠡᠴᠡ ᠮᠥᠩᠭᠥᠨ ᠦ ᠪᠣᠳᠣᠯᠭ᠎ᠠ ᠶᠢᠨ ᠲᠠᠯ᠎ᠠ ᠪᠠᠷ 2022 ᠣᠨ ᠳᠤ ᠪᠠᠷᠢᠮᠲᠠᠯᠠᠬᠤ ᠦᠨᠳᠦᠰᠦᠨ ᠴᠢᠭᠯᠡᠯ ᠪᠠᠲᠤᠯᠠᠬᠤ ᠲᠤᠬᠠᠢ︾ᠤᠯᠤᠰ ᠤᠨ ᠶᠡᠬᠡ ᠬᠤᠷᠠᠯ ᠤᠨ ᠲᠣᠭᠲᠠᠭᠠᠯ ᠤᠨ ᠲᠥᠰᠥᠯ ᠢ ᠬᠡᠯᠡᠯᠴᠡᠯ᠎ᠡ᠃ ᠮᠣᠩᠭᠣᠯ ᠪᠠᠩᠭᠢᠨ ᠤ ᠶᠡᠷᠦᠩᠬᠡᠶᠢᠯᠡᠭᠴᠢ ᠪ∙ᠯᠾᠬᠠᠪᠠᠰᠦ᠋ᠷᠤᠩ ᠡᠨᠡ ᠲᠠᠯ᠎ᠠ ᠪᠠᠷ ᠲᠠᠨᠢᠯᠴᠠᠭᠤᠯᠭ᠎ᠠ ᠬᠢᠭᠰᠡᠨ᠃

ᠲᠡᠷᠡ ᠪᠡᠷ᠂ ᠡᠮᠦᠨᠡᠬᠢ ᠣᠨ ᠳᠤ 5.6 ᠬᠤᠪᠢ ᠪᠠᠷ ᠠᠭᠰᠢᠭᠠᠳ ᠪᠠᠶᠢᠭᠰᠠᠨ ᠡᠳ᠋  ᠦᠨ ᠵᠠᠰᠠᠭ ᠡᠨᠡ ᠣᠨ ᠤ ᠡᠬᠢᠨ ᠦ ᠬᠠᠭᠠᠰ ᠵᠢᠯ ᠦᠨ ᠪᠠᠶᠢᠳᠠᠯ ᠢᠶᠠᠷ 6.3 ᠬᠤᠪᠢ ᠪᠠᠷ ᠥᠰᠦᠭᠰᠡᠨ᠃ ᠢᠨᠹᠯᠢᠶᠠᠼ ᠤᠨ ᠲᠥᠪᠰᠢᠨ 8.9 ᠬᠤᠪᠢ ᠲᠠᠢ ᠪᠠᠶᠢᠭ᠎ᠠ ᠶᠢ  ᠳᠤᠭᠤᠯᠭᠠᠪᠠ᠃ ᠮᠡᠳᠡᠭᠡᠯᠡᠯ ᠲᠡᠢ ᠬᠣᠯᠪᠣᠭ᠎ᠠ ᠲᠠᠢ ᠭᠡᠰᠢᠭᠦᠳ ᠳᠠᠷᠠᠭᠠᠬᠢ ᠪᠠᠶᠢᠷᠢ ᠰᠠᠭᠤᠷᠢ ᠶᠢ ᠢᠯᠡᠷᠬᠡᠶᠢᠯᠡᠯ᠎ᠡ᠃ ᠲᠤᠬᠠᠶᠢᠯᠠᠪᠠᠯ᠂ ᠳ ∙ ᠭᠠᠩᠪᠠᠲᠤ ᠭᠡᠰᠢᠭᠦᠨ ᠡᠳ᠋  ᠦᠨ ᠵᠠᠰᠠᠭ ᠤᠨ ᠮᠠᠰᠢ ᠥᠭᠡᠳᠡᠷᠡᠭ ᠲᠥᠰᠥᠭᠡᠯᠡᠯ ᠲᠡᠢ ᠪᠠᠶᠢᠭ᠎ᠠ ᠴᠤ ᠪᠠᠩᠭᠢᠨ ᠳᠤ ᠬᠦᠨᠳᠦᠷᠡᠯ ᠭᠠᠷᠴᠤ ᠪᠣᠯᠵᠣᠰᠢ ᠦᠭᠡᠢ ᠶᠢ ᠰᠠᠨᠠᠭᠤᠯᠪᠠ᠃
ᠨ ∙ ᠠᠯᠲᠠᠨᠬᠤᠶᠠᠭ ᠭᠡᠰᠢᠭᠦᠨ ᠴᠠᠭᠠᠰᠤᠨ ᠮᠥᠩᠭᠥ ᠬᠡᠪᠯᠡᠬᠦ ᠠᠵᠢᠯ ᠳᠤ ᠬᠢᠨᠠᠯᠲᠠ ᠲᠠᠯᠪᠢᠵᠤ ᠠᠵᠢᠯᠯᠠᠬᠤ ᠶᠢ ᠵᠠᠬᠢᠭᠠᠳ᠂ ᠡᠺᠰᠫᠣᠷᠲ ᠢ ᠳᠡᠮᠵᠢᠬᠦ ᠳᠦ ᠮᠣᠩᠭᠣᠯ ᠪᠠᠩᠬᠢ ᠰᠠᠨᠠᠭᠠᠴᠢᠯᠠᠭ᠎ᠠ ᠲᠠᠢ ᠠᠵᠢᠯᠯᠠᠬᠤ ᠶᠢ ᠰᠠᠨᠠᠭᠤᠯᠤᠯ᠎ᠠ᠃

 

ᠰᠡᠳᠬᠢᠭᠳᠡᠯ ᠦᠯᠡᠳᠡᠭᠡᠬᠦ