ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠷᠢᠤ᠋ ᠲᠢᠨᠲ᠋ᠤ᠋ ᠺᠣᠮᠫᠠᠨᠢ ᠶᠢᠨ ᠵᠡᠰ ᠦᠨ ᠭᠷᠦ᠋ᠫ ᠦᠨ ᠵᠠᠬᠢᠷᠤᠯ ᠪ∙ᠪᠤᠯᠤᠳ ᠲᠤ ᠵᠠᠬᠢᠳᠠᠯ ᠢᠯᠡᠭᠡᠵᠦ᠂ ᠬᠡᠯᠡᠯᠴᠡᠭᠡᠨ ᠦ ᠮᠣᠩᠭᠣᠯ ᠲᠠᠯ᠎ᠠ ᠶᠢᠨ ᠠᠵᠢᠯ ᠤᠨ ᠬᠡᠰᠡᠭ ᠦᠨ ᠠᠬᠠᠯᠠᠭᠴᠢ᠂ ᠬᠠᠤᠯᠢ ᠵᠦᠢ ᠳᠣᠲᠣᠭᠠᠳᠤ ᠬᠡᠷᠡᠭ ᠦᠨ ᠰᠠᠶᠢᠳ ᠬ ∙ ᠨᠢᠮᠪᠠᠭᠠᠲᠤᠷ ᠤᠭ ᠵᠠᠬᠢᠳᠠᠯ ᠳᠤ ᠬᠡᠳᠦ ᠬᠡᠳᠦᠨ ᠬᠤᠷᠴᠠ ᠪᠠᠶᠢᠷᠢ ᠰᠠᠭᠤᠷᠢ ᠶᠢ ᠢᠯᠡᠷᠬᠡᠶᠢᠯᠡᠭᠰᠡᠨ ᠪᠠᠶᠢᠨ᠎ᠠ᠃ ᠡᠭᠦᠨ ᠳᠦ ᠪᠡᠨ᠄ ᠬᠡᠯᠡᠯᠴᠡᠭᠡᠨ ᠳᠦ ᠠᠬᠢᠴᠠ ᠭᠠᠷᠬᠤ ᠦᠭᠡᠢ ᠤᠳᠠᠵᠤ ᠪᠠᠶᠢᠨ᠎ᠠ᠃ ᠮᠣᠩᠭᠣᠯ ᠤᠨ ᠵᠠᠰᠠᠭ ᠤᠨ ᠭᠠᠵᠠᠷ ᠤᠨ ᠢᠲᠡᠭᠡᠯ ᠠᠯᠳᠠᠷᠠᠬᠤ ᠳᠥᠬᠦᠯᠡ ᠭᠡᠰᠡᠨ ᠠᠭᠤᠯᠭ᠎ᠠ ᠲᠤᠰᠬᠠᠭᠰᠠᠨ ᠲᠠᠯ᠎ᠠ ᠪᠠᠷ Financial Times ᠲᠤ ᠮᠡᠳᠡᠭᠡᠯᠡᠵᠡᠢ᠃
ᠮᠦᠨ ᠵᠠᠬᠢᠳᠠᠯ ᠳᠤ᠄ ᠳᠠᠯᠳᠠ ᠠᠭᠤᠷᠬᠠᠢ ᠶᠢᠨ ᠵᠠᠷᠤᠳᠠᠯ ᠬᠡᠲᠦᠷᠡᠵᠦ᠂ ᠬᠤᠭᠤᠴᠠᠭ᠎ᠠ ᠬᠣᠶᠢᠰᠢᠯᠠᠭᠰᠠᠨ ᠤ ᠦᠷ᠎ᠡ ᠳᠠᠭᠠᠪᠤᠷᠢ ᠶᠢ ᠮᠣᠩᠭᠣᠯ ᠤᠯᠤᠰ ᠤᠨ ᠵᠠᠰᠠᠭ ᠤᠨ ᠭᠠᠵᠠᠷ ᠬᠢᠭᠡᠳ ᠮᠣᠩᠭᠣᠯᠴᠤᠳ ᠬᠦᠯᠢᠶᠡᠬᠦ ᠤᠴᠢᠷ ᠦᠭᠡᠢ᠃ ᠴᠠᠷ᠎ᠠ ᠲᠠᠬᠤᠯ ᠠᠴᠠ ᠡᠮᠦᠨ᠎ᠡ ᠳᠠᠯᠳᠠ ᠠᠭᠤᠷᠬᠠᠢ ᠠᠰᠢᠭᠯᠠᠯᠲᠠ ᠳᠤ ᠤᠷᠤᠴᠢᠬᠠᠬᠤ ᠪᠣᠯᠤᠮᠵᠢ ᠲᠠᠢ ᠪᠠᠶᠢᠭᠰᠠᠨ ᠭᠡᠵᠡᠢ᠃