ᠡᠷᠢᠶᠡᠨ ᠨᠠᠭᠤᠷ ᠢ ᠰᠡᠷᠭᠦᠭᠡᠨ᠎ᠡ | News.MN

ᠡᠷᠢᠶᠡᠨ ᠨᠠᠭᠤᠷ ᠢ ᠰᠡᠷᠭᠦᠭᠡᠨ᠎ᠡ

ᠪᠠᠶᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠰᠠᠶᠢᠳ ᠤᠨ ᠲᠤᠰᠢᠶᠠᠯ ᠢᠶᠠᠷ ᠭᠣᠪᠢ-ᠠᠯᠲᠠᠢ ᠠᠶᠢᠮᠠᠭ ᠤᠨ ᠵᠢᠷᠭᠠᠯᠠᠩ ᠰᠤᠮᠤ ᠶᠢᠨ ᠨᠤᠲᠤᠭ ᠲᠤ ᠤᠷᠤᠰᠢᠬᠤ ᠡᠷᠢᠶᠡᠨ ᠨᠠᠭᠤᠷ ᠢ ᠰᠡᠷᠭᠦᠭᠡᠬᠦ ᠪᠡᠷ ᠪᠣᠯᠵᠠᠢ᠃ ᠳᠥᠷᠪᠡᠨ ᠲᠠᠯ᠎ᠠ ᠠᠴᠠ ᠪᠠᠨ ᠡᠯᠡᠰᠦᠨ ᠮᠠᠩᠬ᠎ᠠ ᠪᠠᠷ ᠬᠦᠷᠢᠶᠡᠯᠡᠭᠳᠡᠭᠰᠡᠨ ᠡᠷᠢᠶᠡᠨ ᠨᠠᠭᠤᠷ ᠤᠨ ᠳᠡᠶᠢᠯᠦᠩᠬᠢ ᠬᠡᠰᠡᠭ ᠨᠢ ᠰᠢᠷᠭᠢᠨ᠂ ᠡᠺᠣ ᠰᠢᠰᠲ᠋ᠧᠮ ᠨᠢ ᠠᠯᠳᠠᠭᠳᠠᠵᠤ ᠵᠢᠭᠠᠰᠤ᠂ ᠵᠢᠭᠦᠷᠲᠡᠨ ᠨᠢ ᠮᠥᠬᠥᠯ ᠦᠨ ᠡᠷᠭᠢ ᠳᠦ ᠲᠤᠯᠤᠭᠠᠳ ᠪᠠᠶᠢᠭ᠎ᠠ ᠪᠢᠯᠡ᠃
ᠤᠭ ᠨᠠᠭᠤᠷ ᠢ ᠡᠷᠭᠢᠨ ᠰᠡᠷᠭᠦᠭᠡᠬᠦ ᠪᠠᠷ ᠣᠷᠣᠨ ᠨᠤᠲᠤᠭ ᠠᠴᠠ ᠰᠣᠩᠭᠣᠭᠳᠠᠭᠰᠠᠨ ᠤᠯᠤᠰ ᠤᠨ ᠶᠡᠬᠡ ᠬᠤᠷᠠᠯ ᠤᠨ ᠭᠡᠰᠢᠭᠦᠨ ᠱ∙ᠷᠠᠳᠨᠠᠰᠸᠳᠢ ᠢᠳᠡᠪᠬᠢ ᠰᠠᠨᠠᠭᠠᠴᠢᠯᠠᠭ᠎ᠠ ᠭᠠᠷᠭᠠᠨ ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠰᠠᠶᠢᠳ ᠨ ∙ ᠤᠷᠲᠤᠨᠠᠰᠤᠨ ᠲᠠᠢ ᠪᠡᠶᠡᠴᠢᠯᠡᠨ ᠠᠭᠤᠯᠵᠠᠵᠤ᠂ ᠨᠠᠭᠤᠷ ᠢ ᠰᠡᠷᠭᠦᠭᠡᠬᠦ ᠬᠦᠰᠡᠯᠲᠡ ᠪᠠᠨ ᠤᠯᠠᠮᠵᠢᠯᠠᠨ ᠳᠡᠮᠵᠢᠨ᠎ᠡ ᠭᠡᠳᠡᠭ ᠢᠶᠡᠨ ᠢᠯᠡᠷᠬᠡᠶᠢᠯᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ