ᠨᠠᠢ᠌ᠮᠠᠳᠤᠭᠠᠷ ᠰᠠᠷ᠎ᠠ ᠳᠤ ᠪᠣᠯᠤᠭᠰᠠᠨ ᠪᠠᠷᠢᠯᠳᠤᠭᠠᠨ ᠳᠤ ᠲᠠᠪᠤ ᠳᠠᠪᠠᠭᠰᠠᠨ ᠪᠦᠬᠡᠴᠢᠳ ᠲᠦ ᠴᠣᠯᠠ ᠣᠯᠭᠤᠬᠤ ᠦᠭᠡᠢ | News.MN

ᠨᠠᠢ᠌ᠮᠠᠳᠤᠭᠠᠷ ᠰᠠᠷ᠎ᠠ ᠳᠤ ᠪᠣᠯᠤᠭᠰᠠᠨ ᠪᠠᠷᠢᠯᠳᠤᠭᠠᠨ ᠳᠤ ᠲᠠᠪᠤ ᠳᠠᠪᠠᠭᠰᠠᠨ ᠪᠦᠬᠡᠴᠢᠳ ᠲᠦ ᠴᠣᠯᠠ ᠣᠯᠭᠤᠬᠤ ᠦᠭᠡᠢ

ᠺᠣᠷᠤᠨᠠ ᠸᠢᠷᠦ᠋ᠰ ᠠᠴᠠ ᠰᠢᠯᠲᠠᠭᠠᠯᠠᠵᠤ ᠡᠨᠡ ᠵᠢᠯ ᠦᠨ ᠤᠯᠤᠰ ᠤᠨ ᠶᠡᠬᠡ ᠪᠠᠶᠠᠷ ᠨᠠᠭᠠᠳᠤᠮ ᠴᠤᠴᠠᠯᠠᠭᠳᠠᠭᠰᠠᠨ ᠪᠤᠯᠪᠠᠴᠤ ᠨᠠᠢ᠌ᠮᠠᠳᠤᠭᠠᠷ ᠰᠠᠷ᠎ᠠ ᠶᠢᠨ 16  ᠤ ᠡᠳᠦᠷ ᠮᠣᠩᠭᠣᠯ ᠤᠯᠤᠰ ᠲᠤ ᠵᠠᠯᠠᠭᠤᠴᠤᠳ ᠤᠨ ᠪᠠᠶᠢᠭᠤᠯᠤᠯᠭ᠎ᠠ ᠡᠭᠦᠰᠴᠦ ᠬᠥᠭᠵᠢᠭᠰᠡᠨ ᠦ 100 ᠵᠢᠯ ᠦᠨ ᠣᠢ ᠳᠤ ᠵᠣᠷᠢᠭᠤᠯᠤᠭᠰᠠᠨ 512 ᠬᠦᠴᠦᠲᠦ ᠪᠥᠬᠡ ᠶᠢᠨ ᠪᠠᠷᠢᠯᠳᠤᠭᠠᠨ ᠪᠣᠯᠤᠭᠰᠠᠨ ᠪᠢᠯᠡ᠃
ᠤᠭ ᠪᠠᠷᠢᠯᠳᠤᠭᠠᠨ ᠳᠤ ᠤᠯᠤᠰ ᠤᠨ ᠬᠠᠷᠴᠠᠭᠠᠢ ᠪ∙ᠪᠠᠲᠤᠠᠦ᠋ᠯᠵᠡᠢ ᠶᠢᠰᠦ ᠳᠠᠪᠠᠵᠤ ᠲᠦᠷᠦᠭᠦᠯᠡᠵᠦ᠂ ᠠᠶᠢᠮᠠᠭ ᠤᠨ ᠠᠷᠰᠯᠠᠨ ᠡ᠊∙ ᠤᠤᠭᠠᠨᠪᠠᠶᠠᠷ ᠦᠵᠦᠭᠦᠷᠯᠡᠭᠰᠡᠨ ᠪᠤᠯᠪᠠᠴᠤ ᠦᠨᠳᠦᠰᠦᠨ ᠦ ᠶᠡᠬᠡ ᠪᠠᠶᠠᠷ ᠨᠠᠭᠠᠳᠤᠮ ᠤᠨ ᠲᠤᠬᠠᠢ ᠬᠠᠤᠯᠢ ᠳᠤ᠄ ᠵᠥᠪᠬᠡᠨ ᠳᠣᠯᠣᠳᠤᠭᠠᠷ ᠰᠠᠷ᠎ᠠ ᠶᠢᠨ 11᠂ 12 ᠤ ᠡᠳᠦᠷ ᠦᠨ ᠨᠠᠭᠠᠳᠤᠮ ᠤᠨ ᠪᠠᠷᠢᠯᠳᠤᠭᠠᠨ ᠳᠤ ᠲᠠᠪᠤ ᠠᠴᠠ ᠳᠡᠭᠡᠭᠰᠢ ᠪᠠᠷᠢᠯᠳᠤᠵᠤ ᠳᠠᠪᠠᠭᠰᠠᠨ ᠪᠥᠬᠡᠴᠦᠳ ᠲᠦ ᠴᠣᠯᠠ ᠣᠯᠭᠤᠨ᠎ᠠ ᠭᠡᠵᠦ ᠵᠢᠭᠠᠭᠰᠠᠨ ᠪᠤᠯᠬᠤᠷ 512 ᠪᠥᠬᠡ ᠶᠢᠨ ᠪᠠᠷᠢᠯᠳᠤᠭᠠᠨ ᠳᠤ ᠲᠠᠪᠤ ᠠᠴᠠ ᠳᠡᠭᠡᠭᠰᠢ ᠳᠠᠪᠠᠭᠰᠠᠨ ᠪᠥᠬᠡᠴᠦᠳ ᠲᠦ ᠴᠣᠯᠠ ᠣᠯᠭᠤᠬᠤ ᠦᠭᠡᠢ  ᠶᠤᠮ ᠪᠠᠢᠨ᠎ᠠ᠃

ᠰᠡᠳᠬᠢᠭᠳᠡᠯ ᠦᠯᠡᠳᠡᠭᠡᠬᠦ