ᠠᠮᠧᠷᠢᠺᠠ ᠶᠢᠨ ᠫᠷᠦᠳᠢᠦ᠋ᠰᠸᠷ ᠴᠢᠩᠭᠢᠰ ᠬᠠᠭᠠᠨ ᠤ ᠲᠤᠬᠠᠢ ᠺᠢᠨᠣ᠋ ᠪᠦᠲᠦᠭᠡᠬᠦ ᠪᠡᠷ ᠲᠥᠯᠦᠪᠯᠡᠵᠡᠢ | News.MN

ᠠᠮᠧᠷᠢᠺᠠ ᠶᠢᠨ ᠫᠷᠦᠳᠢᠦ᠋ᠰᠸᠷ ᠴᠢᠩᠭᠢᠰ ᠬᠠᠭᠠᠨ ᠤ ᠲᠤᠬᠠᠢ ᠺᠢᠨᠣ᠋ ᠪᠦᠲᠦᠭᠡᠬᠦ ᠪᠡᠷ ᠲᠥᠯᠦᠪᠯᠡᠵᠡᠢ

ᠯᠣᠰ-ᠠᠩᠵᠸᠯᠸᠰ ᠬᠤᠲᠠ ᠳᠤ ᠠᠵᠢᠯᠯᠠᠳᠠᠭ ᠫᠷᠦᠳᠢᠦ᠋ᠰᠸᠷ ᠤᠶᠠᠨᠳᠢ ᠺᠷᠠᠮ ᠴᠢᠩᠭᠢᠰ ᠬᠠᠭᠠᠨ ᠤ ᠲᠤᠬᠠᠢ ᠪᠥᠷᠢᠨ ᠬᠡᠮᠵᠢᠶᠡᠨ ᠦ ᠤᠷᠠᠨ ᠰᠠᠶᠢᠬᠠᠨ ᠤ ᠺᠢᠨᠣ᠋ ᠪᠦᠲᠦᠭᠡᠬᠦ ᠲᠥᠰᠦᠯ ᠳᠡᠭᠡᠷ᠎ᠡ ᠮᠣᠩᠭᠣᠯ ᠤᠨ ᠫᠷᠦᠳᠢᠦ᠋ᠰᠸᠷ  ᠦᠳ ᠲᠡᠢ ᠬᠠᠮᠲᠤᠷᠠᠨ ᠠᠵᠢᠯᠯᠠᠬᠤ ᠪᠠᠷ ᠲᠥᠯᠦᠪᠯᠡᠵᠦ ᠪᠤᠢ ᠪᠠᠨ ᠵᠠᠷᠯᠠᠪᠠ᠃ ᠠᠷᠪᠠᠨ ᠭᠤᠷᠪᠠᠳᠤᠭᠠᠷ ᠵᠠᠭᠤᠨ ᠤ ᠦᠶ᠎ᠡ ᠶᠢᠨ ᠭᠧᠣᠫᠣᠯᠢᠲ᠋ᠢᠺ ᠤᠨ ᠵᠥᠷᠢᠴᠡᠯᠳᠦᠭᠡᠨ ᠲᠡᠢ ᠨᠥᠬᠥᠴᠡᠯ ᠪᠠᠶᠢᠳᠠᠯ ᠳᠤ ᠨᠥᠬᠥᠷᠯᠡᠯ ᠢᠶᠡᠷ ᠳᠠᠮᠵᠢᠭᠤᠯᠤᠨ ᠰᠣᠶᠣᠯ᠂ ᠦᠵᠡᠯ ᠰᠠᠨᠠᠭ᠎ᠠ ᠪᠣᠯᠤᠨ ᠬᠤᠪᠢ ᠬᠦᠮᠦᠨ ᠬᠣᠭᠣᠷᠣᠨᠳᠣ ᠶᠢᠨ ᠵᠥᠷᠢᠴᠡᠯᠳᠦᠭᠡᠨ ᠢ ᠪᠠᠭᠠᠰᠬᠠᠵᠤ ᠪᠤᠢ ᠦᠢᠯᠡ ᠶᠠᠪᠤᠳᠠᠯ ᠢ ᠬᠠᠷᠠᠭᠤᠯᠤᠭᠰᠠᠨ ᠡᠨᠡ ᠺᠢᠨᠤ᠋ ᠶᠢᠨ ᠵᠣᠬᠢᠶᠠᠯ ᠢ ᠵᠡᠢ ᠯᠢᠤᠲᠲ᠋ᠠ ᠪᠢᠴᠢᠵᠦ ᠪᠠᠶᠢᠭ᠎ᠠ ᠶᠤᠮ᠃ ᠺᠢᠨᠣ᠋ ᠪᠠᠭ 2022 ᠣᠨ ᠤ ᠬᠠᠪᠤᠷ ᠪᠡᠯᠡᠳᠬᠡᠯ ᠢᠶᠡᠨ ᠬᠠᠩᠭᠠᠵᠤ᠂ ᠨᠠᠮᠤᠷ ᠠᠴᠠ ᠵᠢᠷᠤᠭ ᠠᠪᠤᠯᠲᠠ ᠶᠢᠨ ᠠᠵᠢᠯ ᠢᠶᠠᠨ ᠡᠬᠢᠯᠡᠬᠦ ᠪᠡᠷ ᠲᠥᠯᠦᠪᠯᠡᠵᠡᠢ᠃
《ᠮᠣᠩᠭᠣᠯ ᠤᠯᠤᠰ ᠲᠤ ᠪᠦᠲᠦᠭᠡᠵᠦ ᠪᠤᠢ ᠺᠢᠨᠣ᠋ ᠵᠠᠷᠤᠳᠠᠯ ᠤᠨ 45 ᠬᠦᠷᠲᠡᠯᠡᠬᠢ ᠬᠤᠪᠢ ᠶᠢ ᠪᠤᠴᠠᠭᠠᠨ ᠣᠯᠭᠣᠬᠤ ᠵᠡᠷᠭᠡ ᠣᠯᠠᠨ ᠤᠯᠤᠰ ᠲᠤ  ᠦᠷᠢᠰᠦᠯᠳᠦᠬᠦᠢᠴᠡ ᠳᠡᠮᠵᠢᠯᠭᠡ ᠦᠵᠡᠭᠦᠯᠬᠦ ᠡᠷᠬᠡ ᠵᠦᠢ ᠶᠢᠨ ᠣᠷᠴᠢᠨ ᠢ ᠪᠦᠷᠢᠳᠦᠭᠦᠯᠦᠭᠰᠡᠨ ᠬᠠᠤᠯᠢ ᠶᠢ ᠮᠣᠩᠭᠣᠯ ᠤᠯᠤᠰ ᠤᠨ ᠫᠠᠷᠯᠠᠮᠧᠨᠲ ᠰᠠᠶ᠋ᠢᠬᠠᠨ ᠪᠠᠲᠤᠯᠠᠭᠰᠠᠨ᠃ ᠲᠡᠶᠢᠮᠦ ᠡᠴᠡ Godsend  ᠺᠢᠨᠤ᠋ ᠪᠦᠲᠦᠭᠡᠬᠦ ᠨᠢ ᠲᠤᠩ ᠴᠠᠭ ᠢᠶᠠᠨ ᠣᠯᠤᠭᠰᠠᠨ ᠶᠠᠪᠤᠳᠠᠯ ᠶᠤᠮ ᠭᠡᠵᠦ ᠵ ᠵᠡᠢ ᠯᠢᠤᠲᠲ᠋ᠠ ᠣᠨᠴᠠᠯᠠᠭᠰᠠᠨ ᠪᠠᠶᠢᠨ᠎ᠠ᠃ ᠡᠨᠡ ᠬᠦ ᠵᠣᠬᠢᠶᠠᠯ ᠨᠢ ᠮᠣᠩᠭᠣᠯ ᠤᠨ ᠰᠤᠶᠤᠯ ᠢ ᠡᠮᠦᠨ᠎ᠡ ᠨᠢ ᠬᠤᠯᠯᠢᠸᠤᠳ᠋  ᠲᠤ ᠣᠭᠲᠣ ᠬᠠᠷᠠᠭᠤᠯᠵᠤ ᠪᠠᠶᠢᠭ᠎ᠠ ᠦᠭᠡᠢ ᠥᠨᠴᠥᠭ ᠡᠴᠡ ᠬᠠᠷᠠᠭᠤᠯᠬᠤ ᠪᠥᠭᠡᠳ ᠲᠡᠦᠬᠡᠨ ᠣᠶᠢᠯᠠᠭᠠᠯᠲᠠ᠂ ᠥᠷᠥᠭᠡᠰᠦᠯ ᠣᠶᠢᠯᠠᠭᠠᠯᠲᠠ ᠨᠤᠭᠤᠳ ᠢ ᠬᠥᠨᠳᠡᠬᠦ ᠪᠣᠯᠤᠨ᠎ᠠ᠃ ᠠᠯᠢᠪᠠ ᠲᠡᠦᠬᠡᠨ ᠺᠢᠨᠤ᠋ ᠶᠢ ᠪᠦᠲᠦᠭᠡᠬᠦ ᠳᠦ ᠪᠡᠨ ᠥᠨᠥ ᠦᠶ᠎ᠡ ᠲᠡᠢ ᠬᠡᠷᠬᠢᠨ ᠤᠶᠠᠯᠳᠤᠭ᠎ᠠ ᠬᠣᠯᠪᠣᠭᠠᠲᠠᠢ ᠪᠠᠶᠢᠭ᠎ᠠ ᠶᠢ ᠬᠠᠷᠠᠭᠤᠯᠬᠤ ᠶᠣᠰᠣᠲᠠᠢ ᠪᠥᠭᠡᠳ ᠡᠨᠡ ᠵᠣᠬᠢᠶᠠᠯ ᠳᠤ ᠡᠭᠦᠨ ᠢ ᠲᠣᠳᠣ  ᠬᠠᠷᠠᠭᠤᠯᠤᠨ᠎ᠠ ᠭᠡᠵᠦ ᠺᠷᠠᠮ ᠬᠡᠯᠡᠯ᠎ᠡ᠃

ᠰᠡᠳᠬᠢᠭᠳᠡᠯ ᠦᠯᠡᠳᠡᠭᠡᠬᠦ