ᠪ ∙ ᠱᠣᠭᠣᠪᠲᠣᠷ᠂ ᠡ᠊ ∙ᠳᠠᠸᠠᠴᠢᠮᠡᠭ ᠬᠦᠷᠡᠯ ᠮᠧᠳᠠᠯ ᠬᠦᠷᠲᠡᠯ᠎ᠡ | News.MN

ᠪ ∙ ᠱᠣᠭᠣᠪᠲᠣᠷ᠂ ᠡ᠊ ∙ᠳᠠᠸᠠᠴᠢᠮᠡᠭ ᠬᠦᠷᠡᠯ ᠮᠧᠳᠠᠯ ᠬᠦᠷᠲᠡᠯ᠎ᠡ

《ᠤᠰᠯᠤ᠋ -2021》ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦᠨ ᠰᠡᠭᠦᠯ ᠦᠨ ᠡᠳᠦᠷ ᠡᠮᠡᠭᠲᠡᠶᠢᠴᠦᠳ ᠦᠨ 57  ᠺᠢᠯᠦᠭᠷᠡᠮ ᠤᠨ ᠵᠢᠩ ᠳᠦ ᠥᠷᠢᠰᠦᠯᠳᠦᠭᠰᠡᠨ ᠡ᠊∙ᠳᠠᠸᠠᠴᠢᠮᠡᠭ᠂ 59 ᠺᠢᠯᠦᠭᠷᠡᠮ ᠤᠨ ᠵᠢᠩ ᠳᠦ ᠬᠦᠴᠦ ᠦᠵᠡᠭᠰᠡᠨ ᠪ∙ᠱᠣᠭᠣᠪᠲᠣᠷ ᠬᠦᠷᠡᠯ ᠮᠧᠳᠠᠯ ᠬᠦᠷᠲᠡᠯ᠎ᠡ᠃ ᠡ᠊∙ᠳᠠᠸᠠᠴᠢᠮᠡᠭ ᠰᠢᠪᠦᠭᠡ ᠶᠢᠨ ᠨᠠᠢ᠌ᠮᠠ ᠳᠤ ᠡᠨᠡᠳᠬᠡᠭ ᠦᠨ ᠪᠦᠬᠡ ᠳᠦ 1᠄5  ᠪᠠᠷ ᠢᠯᠠᠭᠳᠠᠭᠰᠠᠨ ᠴᠤ ᠳᠠᠭᠠᠬᠤ ᠪᠠᠷᠢᠯᠳᠤᠭᠠᠨ ᠳᠤ ᠬᠠᠰᠠᠭᠰᠲ᠋ᠠᠨ ᠤ  ᠪᠦᠬᠡ ᠶᠢ 10᠄0  ᠪᠡᠷ᠂ ᠬᠦᠷᠡᠯ ᠮᠧᠳᠠᠯ ᠤᠨ ᠲᠥᠯᠥᠭᠡ  ᠦᠺᠷᠠᠶᠢᠨ ᠤ  ᠪᠦᠬᠡ ᠶᠢ 11᠄8  ᠪᠠᠷ ᠢᠯᠠᠭᠰᠠᠨ ᠢᠶᠠᠷ ᠳᠡᠯᠡᠬᠡᠢ ᠶᠢᠨ ᠮᠸᠳᠠᠯᠲᠠᠨ ᠪᠣᠯᠤᠯ᠎ᠠ᠃
ᠪ∙ᠱᠣᠭᠣᠪᠲᠣᠷ ᠠᠮᠧᠷᠢᠺᠠ ᠶᠢᠨᠪᠦᠬᠡ ᠶᠢ ᠢᠯᠠᠵᠤ᠂ ᠰᠡᠭᠦᠯ ᠦᠨ ᠳᠥᠷᠪᠡᠨ ᠤᠳᠠᠭ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠭᠤᠷᠪᠠᠳᠠᠬᠢ ᠬᠦᠷᠡᠯ ᠮᠧᠳᠠᠯ ᠢᠶᠠᠨ ᠵᠡᠭᠦᠵᠦ ᠪᠠᠶᠢᠨ᠎ᠠ᠃ ᠮᠠᠨ ᠤ ᠪᠠᠭ ᠨᠡᠶᠢᠲᠡ ᠵᠢᠷᠭᠤᠭᠠᠨ ᠬᠦᠷᠡᠯ ᠮᠧᠳᠠᠯ ᠲᠠᠢ ᠲᠡᠮᠡᠴᠡᠭᠡᠨ ᠢᠶᠡᠨ ᠳᠠᠭᠤᠰᠬᠠᠵᠤ ᠪᠠᠢᠨ᠎ᠠ᠃

ᠰᠡᠳᠬᠢᠭᠳᠡᠯ ᠦᠯᠡᠳᠡᠭᠡᠬᠦ