ᠡᠮᠦᠨᠡᠭᠣᠪᠢ᠂ ᠳᠤᠮᠳᠠᠭᠤᠪᠢ᠂ ᠳᠣᠷᠣᠨᠠᠭᠣᠪᠢ ᠳᠦ ᠡᠪᠦᠯᠵᠢᠯᠲᠡ ᠬᠦᠨᠳᠦᠷᠡᠬᠦ ᠮᠠᠭᠠᠳᠯᠠᠯ ᠲᠠᠢ | News.MN

ᠡᠮᠦᠨᠡᠭᠣᠪᠢ᠂ ᠳᠤᠮᠳᠠᠭᠤᠪᠢ᠂ ᠳᠣᠷᠣᠨᠠᠭᠣᠪᠢ ᠳᠦ ᠡᠪᠦᠯᠵᠢᠯᠲᠡ ᠬᠦᠨᠳᠦᠷᠡᠬᠦ ᠮᠠᠭᠠᠳᠯᠠᠯ ᠲᠠᠢ

ᠢᠷᠡᠬᠦ ᠡᠪᠦᠯ ᠬᠠᠪᠤᠷ ᠢ ᠥᠩ ᠲᠡᠢ ᠳᠠᠪᠠᠬᠤ ᠵᠣᠷᠢᠯᠭ᠎ᠠ ᠪᠠᠷ ᠤᠯᠤᠰ ᠤᠨ ᠬᠡᠮᠵᠢᠶᠡᠨ ᠳᠦ 1.2 ᠰᠠᠶ᠎ᠠ ᠲᠣᠨ ᠬᠠᠳᠤᠯᠠᠩ ᠠᠪᠬᠤ ᠪᠠᠷ ᠲᠥᠯᠥᠪᠯᠡᠭᠰᠡᠨ ᠴᠤ ᠡᠨᠡ ᠰᠠᠷ᠎ᠠ ᠶᠢᠨ ᠨᠢᠭᠡᠨ ᠦ ᠪᠠᠶᠢᠳᠠᠯ ᠢᠶᠠᠷ 800000 ᠣᠷᠴᠢᠮ ᠲᠣᠨ ᠡᠪᠡᠰᠦ ᠲᠡᠵᠢᠭᠡᠯ ᠢ ᠪᠠᠵᠠᠭᠠᠭᠰᠠᠨ ᠢ ᠬᠦᠨᠡᠰᠦ ᠬᠥᠳᠡᠭᠡ ᠠᠵᠤ ᠠᠬᠤᠢ ᠬᠥᠩᠭᠡᠨ ᠦᠢᠯᠡᠳᠪᠦᠷᠢ ᠶᠢᠨ ᠶᠠᠮᠤᠨ ᠠᠴᠠ ᠮᠡᠳᠡᠭᠡᠯᠡᠯ᠎ᠡ᠃ 2021-2022 ᠣᠨ ᠤ ᠡᠪᠦᠯ ᠬᠠᠪᠤᠷ ᠤᠨ ᠤᠯᠠᠷᠢᠯ ᠳᠤ ᠨᠡᠶᠢᠲᠡ ᠪᠡᠯᠴᠢᠭᠡᠷ ᠦᠨ 66.7 ᠬᠤᠪᠢ ᠬᠦᠷᠦᠯᠴᠡᠭᠡᠲᠡᠢ᠂ ᠦᠯᠡᠳᠡᠭᠰᠡᠨ 33.3 ᠬᠤᠪᠢ ᠨᠢ ᠬᠦᠷᠦᠯᠴᠡᠭᠡ ᠪᠠᠭ᠎ᠠ ᠂ ᠡᠮᠦᠨᠡᠭᠣᠪᠢ᠂ ᠳᠤᠮᠳᠠᠭᠤᠪᠢ᠂ ᠳᠣᠷᠣᠨᠠᠭᠣᠪᠢ᠂ ᠭᠣᠪᠢ-ᠠᠯᠲᠠᠢ ᠠᠶᠢᠮᠠᠭ ᠲᠤ ᠡᠪᠦᠯᠵᠢᠯᠲᠡ᠂ ᠬᠠᠪᠤᠷᠵᠢᠯᠲᠠ ᠬᠦᠨᠳᠦᠷᠡᠨ᠎ᠡ ᠭᠡᠵᠦ ᠬᠤᠯᠪᠤᠭᠳᠠᠬᠤ ᠠᠯᠪᠠᠨ ᠲᠤᠰᠢᠶᠠᠯᠲᠠᠨ ᠬᠡᠯᠡᠵᠦ ᠪᠠᠢᠨ᠎ᠠ᠃ ᠃
ᠨᠡᠶᠢᠲᠡ ᠨᠤᠲᠤᠭ ᠢᠶᠠᠷ ᠵᠤᠨᠰᠢᠯᠠᠭ᠎ᠠ ᠶᠢᠨ ᠪᠠᠶᠢᠳᠠᠯ 7 ᠳ᠋ᠤᠭᠠᠷ ᠰᠠᠷ᠎ᠠ ᠶᠢᠨ ᠳᠤᠮᠳᠠ ᠠᠴᠠ ᠰᠠᠶᠢᠵᠢᠷᠠᠵᠤ 50 ᠭᠠᠷᠤᠢ ᠬᠤᠪᠢ ᠳᠤ ᠬᠡᠪ ᠦᠨ᠂ 40 ᠣᠷᠴᠢᠮ ᠬᠤᠪᠢ ᠳᠤ ᠳᠤᠮᠳᠠ᠂ 10 ᠣᠷᠴᠢᠮ ᠬᠤᠪᠢ ᠳᠤ ᠮᠠᠭᠤ ᠪᠠᠶᠢᠭᠰᠠᠨ ᠴᠤ ᠨᠠᠢ᠌ᠮᠠᠳᠤᠭᠠᠷ ᠰᠠᠷ᠎ᠠ ᠶᠢᠨ ᠰᠡᠭᠦᠯᠴᠢ ᠭᠡᠬᠦ ᠳᠦ ᠨᠡᠶᠢᠲᠡ ᠨᠤᠲᠤᠭ ᠤᠨ 80 ᠣᠷᠴᠢᠮ ᠬᠤᠪᠢ ᠳᠤ ᠰᠠᠶᠢᠨ᠂ 10 ᠭᠠᠷᠤᠢ ᠬᠤᠪᠢ ᠳᠤ ᠳᠤᠮᠳᠠ᠂ 10 ᠬᠦᠷᠬᠦ ᠦᠭᠡᠢ ᠬᠤᠪᠢ ᠳᠤ ᠪᠤᠶᠤ ᠭᠣᠪᠢ-ᠠᠯᠲᠠᠢ᠂ ᠳᠤᠮᠳᠠᠭᠤᠪᠢ᠂ ᠡᠮᠦᠨᠡᠭᠣᠪᠢ᠂ ᠳᠣᠷᠣᠨᠠᠭᠣᠪᠢ᠂ ᠰᠦᠬᠡᠪᠠᠭᠠᠲᠤᠷ ᠤᠨ ᠭᠠᠭᠴᠠ ᠨᠢᠭᠡ ᠰᠤᠮᠤᠳ ᠤᠨ ᠨᠤᠲᠤᠭ ᠢᠶᠠᠷ ᠮᠠᠭᠤ ᠪᠠᠢᠪᠠ᠃

ᠰᠡᠳᠬᠢᠭᠳᠡᠯ ᠦᠯᠡᠳᠡᠭᠡᠬᠦ