《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠳᠦ ᠲᠥᠷᠥ ᠶᠢᠨ ᠪᠠᠩᠬᠢ ᠨᠢᠭᠡᠳᠴᠦ ᠪᠠᠶᠢᠨ᠎ᠠ | News.MN

《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠳᠦ ᠲᠥᠷᠥ ᠶᠢᠨ ᠪᠠᠩᠬᠢ ᠨᠢᠭᠡᠳᠴᠦ ᠪᠠᠶᠢᠨ᠎ᠠ

ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠥᠴᠥᠭᠡᠳᠦᠷ ᠡᠴᠡ ᠠᠯᠪᠠᠨ ᠶᠣᠰᠣᠭᠠᠷ ᠡᠬᠢᠯᠡᠭᠡᠳ ᠪᠠᠶᠢᠨ᠎ᠠ᠃ ᠡᠨᠡ ᠬᠦ ᠰᠠᠨᠠᠭᠠᠴᠢᠯᠠᠭ᠎ᠠ ᠶᠢᠨᠳᠠᠭᠠᠤ ᠲᠥᠷᠥ ᠶᠢᠨ ᠪᠠᠶᠢᠭᠤᠯᠤᠯᠭ᠎ᠠ ᠨᠤᠭᠤᠳ ᠮᠣᠳᠣ ᠲᠠᠷᠢᠵᠤ ᠡᠬᠢᠯᠡᠭᠰᠡᠨ ᠪᠥᠭᠡᠳ ᠰᠠᠩ ᠤᠨ ᠶᠠᠮᠤᠨ ᠤ ᠬᠠᠷᠢᠶ᠎ᠠ ᠪᠠᠶᠢᠭᠤᠯᠤᠯᠭ᠎ᠠ  ᠲᠥᠷᠥ ᠶᠢᠨ ᠪᠠᠩᠬᠢᠨ ᠤ ᠬᠠᠮᠲᠤ ᠣᠯᠠᠨ ᠪᠤᠮᠪᠠᠲᠤ ᠶᠢᠨ ᠪᠤᠯᠠᠭ ᠲᠤ 80 ᠭᠠᠷᠤᠢ ᠰᠠᠭᠤᠯᠭᠠᠴᠠ  ᠲᠠᠷᠢᠵᠠᠢ᠃

ᠲᠥᠷᠥ ᠶᠢᠨ ᠪᠠᠩᠬᠢ ᠨᠢ ᠮᠣᠩᠭᠣᠯ ᠣᠷᠣᠨ ᠢ ᠬᠠᠮᠤᠷᠤᠭᠰᠠᠨ 500 ᠭᠠᠷᠤᠢ ᠰᠠᠯᠪᠤᠷᠢ ᠨᠢᠭᠡᠴᠡ᠂ 4000 ᠣᠷᠴᠢᠮ ᠠᠵᠢᠯᠲᠠᠨ ᠤ ᠪᠠᠨ ᠣᠷᠣᠯᠴᠠᠭ᠎ᠠ ᠲᠠᠢ 《ᠪᠠᠶᠢᠭᠠᠯᠢ ᠳᠤ ᠡᠭᠡᠯᠢ ᠲᠡᠢ ᠭᠢᠯᠠᠰ ᠴᠡᠪᠡᠷᠯᠡᠭᠡ》 ᠶᠢ ᠵᠢᠯ ᠪᠦᠷᠢ ᠵᠣᠬᠢᠶᠠᠨ ᠪᠠᠶᠢᠭᠤᠯᠵᠤ᠂ 21 ᠠᠶᠢᠮᠠᠭ᠂ ᠨᠡᠶᠢᠰᠯᠡᠯ ᠦᠨ ᠶᠢᠰᠦᠨ ᠳᠡᠭᠦᠷᠭᠡ ᠳᠦ ᠪᠠᠶᠢᠷᠢᠯᠠᠬᠤ ᠭᠣᠣᠯ ᠭᠤᠷᠤᠬ᠎ᠠ᠂ ᠨᠠᠭᠤᠷ ᠴᠥᠭᠦᠷᠦᠮ ᠦᠨ ᠡᠷᠭᠢ᠂ ᠰᠠᠪᠠ 5237 ᠭᠠ ᠭᠠᠵᠠᠷ ᠢ ᠴᠡᠪᠡᠷᠯᠡᠵᠦ᠂ ᠠᠵᠤ ᠠᠬᠤᠢ ᠨᠢᠭᠡᠴᠢ ᠪᠣᠯᠤᠨ ᠢᠷᠭᠡᠳ ᠢᠶᠡᠨ ᠪᠠᠶᠢᠭᠠᠯᠢ ᠤᠷᠴᠢᠨ ᠳᠤ ᠡᠭᠡᠯᠢᠲᠡᠢ᠂ ᠬᠠᠷᠢᠭᠤᠴᠠᠯᠭ᠎ᠠ ᠲᠠᠢ ᠪᠠᠷ ᠠᠶᠠᠯᠠᠵᠤ ᠵᠤᠭᠠᠯᠠᠬᠤ ᠶᠢ ᠤᠷᠢᠶᠠᠯᠠᠵᠤ᠂ ᠦᠯᠢᠭᠡᠷᠯᠡᠭᠰᠡᠭᠡᠷ ᠢᠷᠡᠭᠰᠡᠨ ᠶᠤᠮ᠃

ᠰᠡᠳᠬᠢᠭᠳᠡᠯ ᠦᠯᠡᠳᠡᠭᠡᠬᠦ