ᠡᠨᠡ ᠰᠠᠷ᠎ᠠ ᠶᠢᠨ 9-11  ᠳᠦ ᠰᠤᠭᠳᠤᠭᠤᠷᠠᠭᠤᠯᠬᠤ ᠤᠮᠳᠠᠭ᠎ᠠ ᠬᠤᠳᠠᠯᠳᠤᠭᠠᠯᠠᠬᠤ ᠦᠭᠡᠢ | News.MN

ᠡᠨᠡ ᠰᠠᠷ᠎ᠠ ᠶᠢᠨ 9-11  ᠳᠦ ᠰᠤᠭᠳᠤᠭᠤᠷᠠᠭᠤᠯᠬᠤ ᠤᠮᠳᠠᠭ᠎ᠠ ᠬᠤᠳᠠᠯᠳᠤᠭᠠᠯᠠᠬᠤ ᠦᠭᠡᠢ

ᠤᠯᠤᠰ ᠤᠨ ᠶᠡᠬᠡ ᠬᠤᠷᠠᠯ ᠤᠨ 18 ᠪᠣᠯᠤᠨ 28 ᠳ᠋ᠤᠭᠠᠷ ᠲᠣᠭᠣᠷᠢᠭ ᠤᠨ ᠨᠥᠬᠥᠨ ᠰᠣᠩᠭᠣᠭᠤᠯᠢ ᠶᠢᠨ ᠰᠠᠨᠠᠯ ᠬᠤᠷᠢᠶᠠᠯᠲᠠ ᠠᠷᠪᠠᠳᠤᠭᠠᠷ ᠰᠠᠷ᠎ᠠ ᠶᠢᠨ 10 ᠤ ᠨᠢᠮ᠎ᠠ ᠭᠠᠷᠠᠭ ᠲᠤ ᠶᠠᠪᠤᠭᠳᠠᠨ᠎ᠠ᠃ ᠬᠠᠤᠯᠢ ᠳᠤ ᠵᠢᠭᠠᠭᠰᠠᠨ ᠤ ᠳᠠᠭᠠᠤ 2021 ᠣᠨ ᠤ ᠠᠷᠪᠠᠳᠤᠭᠠᠷ ᠰᠠᠷ᠎ᠠ ᠶᠢᠨ 9-11  ᠳᠦ ᠰᠤᠭᠳᠤᠭᠤᠷᠠᠭᠤᠯᠬᠤ ᠤᠮᠳᠠᠭ᠎ᠠ ᠬᠤᠳᠠᠯᠳᠤᠬᠤ᠂ ᠲᠡᠭᠦᠪᠡᠷ ᠦᠢᠯᠡᠴᠢᠯᠡᠬᠦ ᠶᠢ ᠬᠤᠷᠢᠭᠯᠠᠬᠤ᠂ ᠰᠤᠶᠤᠯ ᠤᠷᠠᠯᠢᠭ᠂ ᠦᠵᠡᠪᠦᠷᠢ᠂ ᠰᠫᠣᠷᠲ ᠤᠨ ᠵᠡᠷᠭᠡ ᠣᠯᠠᠨ ᠢ ᠬᠠᠮᠤᠷᠤᠭᠰᠠᠨ ᠠᠯᠢᠪᠠ ᠠᠷᠭ᠎ᠠ ᠬᠡᠮᠵᠢᠶ᠎ᠡ ᠵᠣᠬᠢᠶᠠᠨ ᠪᠠᠶᠢᠭᠤᠯᠬᠤ ᠦᠭᠡᠢ ᠶᠤᠮ᠃
ᠮᠥᠨ ᠭᠠᠳᠠᠭ᠎ᠠ ᠪᠣᠯᠤᠨ ᠪᠢᠲᠡᠭᠦᠦ ᠲᠠᠯᠠᠪᠠᠢ ᠳᠤ ᠦᠢᠯᠡ ᠠᠵᠢᠯᠯᠠᠭ᠎ᠠ ᠶᠠᠪᠤᠭᠤᠯᠳᠠᠭ ᠬᠤᠳᠠᠯᠳᠤᠭ᠎ᠠ᠂ ᠦᠢᠯᠡᠴᠢᠯᠡᠭᠡᠨ ᠦ ᠲᠥᠪ ᠦᠳ ᠦᠨ ᠲᠤᠬᠠᠢ ᠶᠢᠨ ᠳᠣᠯᠣᠭ᠎ᠠ ᠬᠣᠨᠣᠭ ᠤᠨ ᠠᠮᠠᠷᠠᠯᠲᠠ ᠶᠢᠨ ᠡᠳᠦᠷ ᠢ ᠰᠣᠩᠭᠣᠭᠤᠯᠢ ᠶᠢᠨ ᠰᠠᠨᠠᠯ ᠠᠪᠬᠤ ᠡᠳᠦᠷ ᠪᠤᠶᠤ 2021 ᠣᠨ ᠤ ᠠᠷᠪᠠᠳᠤᠭᠠᠷ ᠰᠠᠷ᠎ᠠ ᠶᠢᠨ 10 ᠤ ᠡᠳᠦᠷ ᠲᠦ ᠰᠢᠯᠵᠢᠭᠦᠯᠬᠦ ᠬᠣᠲᠠ ᠶᠢᠨ ᠳᠠᠷᠤᠭ᠎ᠠ ᠶᠢᠨ ᠵᠠᠬᠢᠷᠤᠮᠵᠢ ᠭᠠᠷᠴᠠᠢ᠃

ᠰᠡᠳᠬᠢᠭᠳᠡᠯ ᠦᠯᠡᠳᠡᠭᠡᠬᠦ