《ᠬᠠᠪᠲᠠᠰᠤᠲᠤ ᠬᠡᠷᠡᠭ》ᠨᠢᠭᠡᠳᠦᠭᠡᠷ ᠰᠠᠷ᠎ᠠ ᠳᠤ ᠵᠠᠳᠠᠷᠠᠨ᠎ᠠ | News.MN

《ᠬᠠᠪᠲᠠᠰᠤᠲᠤ ᠬᠡᠷᠡᠭ》ᠨᠢᠭᠡᠳᠦᠭᠡᠷ ᠰᠠᠷ᠎ᠠ ᠳᠤ ᠵᠠᠳᠠᠷᠠᠨ᠎ᠠ

ᠮᠣᠩᠭᠣᠯ ᠤᠯᠤᠰ ᠲᠤ ᠣᠷᠴᠢᠨ ᠴᠠᠭ ᠤᠨ ᠴᠠᠭᠳᠠᠭ᠎ᠠ ᠶᠢᠨ ᠪᠠᠶᠢᠭᠤᠯᠤᠯᠭ᠎ᠠ ᠡᠭᠦᠰᠴᠦ ᠬᠥᠭᠵᠢᠭᠰᠡᠨ ᠦ ᠲᠡᠦᠬᠡᠲᠦ 100 ᠵᠢᠯ ᠦᠨ ᠣᠢ ᠡᠨᠡ ᠣᠨ ᠳᠤ ᠲᠣᠬᠢᠶᠠᠵᠤ ᠪᠤᠢ᠃ ᠡᠨᠡ ᠴᠠᠭ ᠦᠶ᠎ᠡ ᠲᠡᠢ ᠵᠡᠷᠭᠡᠴᠡᠨ ᠴᠠᠭᠳᠠᠭ᠎ᠠ ᠶᠢᠨ ᠠᠯᠪᠠᠨ ᠤ ᠠᠵᠢᠯ ᠡᠭᠦᠷᠭᠡ ᠶᠢᠨ ᠣᠨᠴᠠᠯᠢᠭ᠂ ᠲᠡᠳᠡᠨ ᠦ ᠡᠷ᠎ᠡ ᠵᠣᠷᠢᠭ ᠤᠨ ᠲᠤᠬᠠᠢ ᠥᠭᠦᠯᠡᠬᠦ ᠣᠨᠴᠠ ᠰᠣᠨᠢᠷᠬᠠᠯ ᠲᠠᠢ《ᠬᠠᠪᠲᠠᠰᠤᠲᠤ ᠬᠡᠷᠡᠭ》ᠣᠯᠠᠨ ᠠᠩᠭᠢᠲᠤ ᠺᠢᠨᠤ᠋ ᠶᠢᠨ ᠵᠢᠷᠤᠭ ᠠᠪᠤᠯᠲᠠ ᠡᠬᠢᠯᠡᠯ᠎ᠡ᠃

《ᠬᠠᠪᠲᠠᠰᠤᠲᠤ ᠬᠡᠷᠡᠭ》ᠺᠢᠨᠤ᠋ ᠶᠢᠨ ᠵᠣᠬᠢᠶᠠᠯ ᠤᠨ ᠪᠠᠭ ᠲᠤ ᠮᠡᠷᠭᠡᠵᠢᠯ ᠦᠨ ᠮᠥᠷᠳᠡᠨ ᠪᠠᠶᠢᠴᠠᠭᠠᠭᠴᠢ ᠵᠥᠪᠯᠡᠨ ᠠᠵᠢᠯᠯᠠᠵᠠᠢ᠃ ᠰᠢᠳᠤᠷᠭᠤ ᠶᠣᠰᠣ ᠶᠢ ᠲᠣᠭᠲᠠᠭᠠᠵᠤ᠂ ᠠᠷᠠᠳ ᠢᠷᠭᠡᠳ ᠦᠨ ᠠᠮᠤᠭᠤᠯᠠᠩ ᠲᠠᠶᠢᠪᠤᠩ ᠠᠮᠢᠳᠤᠷᠠᠯ ᠤᠨ ᠨᠥᠬᠥᠴᠡᠯ ᠢ ᠪᠦᠷᠢᠳᠦᠭᠦᠯᠵᠦ ᠥᠭᠳᠡᠭ ᠮᠥᠷᠳᠡᠭᠴᠢᠳ ᠦᠨ ᠡᠳᠦᠷ ᠲᠤᠲᠤᠮ ᠤᠨ ᠠᠵᠢᠯ᠂ ᠠᠮᠢᠳᠤᠷᠠᠯ ᠤᠨ ᠲᠤᠬᠠᠢ ᠥᠭᠦᠯᠡᠬᠦ ᠲᠤᠰ ᠺᠢᠨᠣ᠋ ᠤᠷᠠᠨ ᠪᠦᠲᠦᠭᠡᠯ ᠢᠷᠡᠬᠦ ᠣᠨ ᠤ ᠨᠢᠭᠡᠳᠦᠭᠡᠷ ᠰᠠᠷ᠎ᠠ ᠳᠤ ᠦᠵᠡᠭᠴᠢᠳ ᠦᠨ ᠬᠦᠷᠲᠡᠭᠡᠯ ᠪᠤᠯᠤᠨ᠎ᠠ᠃

ᠰᠡᠳᠬᠢᠭᠳᠡᠯ ᠦᠯᠡᠳᠡᠭᠡᠬᠦ