《ᠷᠣᠢ ᠴᠠᠫᠮᠡᠨ ᠠᠨᠳ᠋ᠷᠢᠦᠰ ᠮᠣᠩᠭᠣᠯ ᠳᠤ》ᠭᠡᠷᠡᠯ ᠵᠢᠷᠤᠭ ᠤᠨ ᠦᠵᠡᠰᠬᠦᠯᠡᠩ ᠭᠠᠷᠴᠠᠢ | News.MN

《ᠷᠣᠢ ᠴᠠᠫᠮᠡᠨ ᠠᠨᠳ᠋ᠷᠢᠦᠰ ᠮᠣᠩᠭᠣᠯ ᠳᠤ》ᠭᠡᠷᠡᠯ ᠵᠢᠷᠤᠭ ᠤᠨ ᠦᠵᠡᠰᠬᠦᠯᠡᠩ ᠭᠠᠷᠴᠠᠢ

ᠠᠮᠧᠷᠢᠺᠠ ᠶᠢᠨ ᠠᠯᠳᠠᠷᠲᠤ ᠬᠠᠶᠢᠭᠤᠯᠴᠢ᠂ ᠡᠷᠳᠡᠮᠲᠡᠨ ᠷᠣᠢ ᠴᠠᠫᠮᠡᠨ ᠠᠨᠳ᠋ᠷᠢᠦᠰ  ᠦᠨ ᠬᠤᠷᠢᠳᠤᠭᠠᠷ ᠵᠠᠭᠤᠨ ᠤ ᠡᠬᠢᠨ ᠦᠶ᠎ᠡ ᠶᠢᠨ ᠮᠣᠩᠭᠣᠯ ᠤᠨ ᠠᠮᠢᠳᠤᠷᠠᠯ ᠢ ᠪᠠᠭᠤᠯᠭᠠᠭᠰᠠᠨ ᠭᠡᠷᠡᠯ ᠵᠢᠷᠤᠭ ᠤᠳ ᠢ《ᠮᠣᠩᠭᠣᠯ ᠠᠷᠲ》ᠭᠠᠯᠧᠷᠧᠢ ᠳᠦ ᠳᠡᠯᠭᠡᠯ᠎ᠡ᠃ 1918-1925 ᠣᠨ ᠤ ᠬᠤᠭᠤᠷᠤᠨᠳᠤ ᠮᠣᠩᠭᠣᠯ ᠳᠤ ᠳᠦᠷᠪᠡᠨᠲᠡ ᠢᠷᠡᠵᠦ ᠮᠠᠯᠲᠠᠯᠭ᠎ᠠ ᠰᠤᠳᠤᠯᠭᠠᠨ ᠬᠢᠬᠦ ᠳᠦ ᠪᠡᠨ ᠲᠡᠷᠡᠪᠡᠷ ᠲᠥᠪ ᠦᠨ ᠠᠽᠢᠶ᠎ᠠ ᠶᠢᠨ ᠭᠦᠨ ᠳᠦ ᠤᠷᠤᠰᠢᠬᠤ ᠨᠤᠲᠤᠭ ᠬᠥᠬᠥᠲᠡᠨ ᠠᠮᠢᠲᠠᠨ᠂ ᠰᠢᠪᠠᠭᠤ ᠰᠤᠳᠤᠯᠤᠯ᠂ ᠭᠧᠣᠯᠣᠭᠢ᠂ ᠫᠠᠯᠧᠣᠨᠲ᠋ᠣᠯᠣᠭᠢ᠂ ᠡᠷᠲᠡᠨ ᠦ ᠪᠣᠯᠤᠨ ᠣᠷᠴᠢᠨ ᠴᠠᠭ ᠤᠨ ᠤᠷᠭᠤᠮᠠᠯ ᠰᠤᠳᠤᠯᠤᠯ᠂ ᠠᠷᠬᠧᠣᠯᠣᠭᠢ ᠶᠢᠨ ᠠᠰᠤᠷᠤ ᠶᠡᠬᠡ ᠪᠠᠶᠠᠯᠢᠭ ᠲᠠᠢ᠂ ᠰᠢᠨᠵᠢᠯᠡᠬᠦ ᠤᠬᠠᠭᠠᠨ ᠤ ᠣᠨᠴᠠᠭᠠᠢ ᠴᠢᠬᠤᠯᠠ ᠪᠥᠰᠡ ᠪᠣᠯᠬᠤ ᠶᠢ ᠪᠠᠲᠤᠯᠠᠭᠰᠠᠨ ᠶᠤᠮ᠃ ᠮᠥᠨ ᠦᠯᠭᠡ ᠭᠦᠷᠪᠡᠯ ᠦᠨ ᠥᠨᠳᠡᠭᠡ ᠣᠯᠵᠤ ᠮᠣᠩᠭᠣᠯ ᠤᠨ ᠨᠡᠷ᠎ᠡ ᠶᠢ ᠳᠡᠯᠡᠬᠡᠢ ᠳ᠋ᠠᠬᠢᠨ ᠳᠤ ᠴᠤᠤᠷᠢᠶᠠᠲᠤᠭᠤᠯᠤᠭᠰᠠᠨ ᠪᠢᠯᠡ᠃
ᠭᠡᠷᠡᠯ ᠵᠢᠷᠤᠭ ᠤᠳ ᠢ ᠠᠮᠧᠷᠢᠺᠠ ᠶᠢᠨ ᠲᠡᠦᠬᠡ ᠶᠢᠨ ᠮᠦᠽᠧᠢ ᠡᠴᠡ ᠠᠪᠴᠤ᠂ ᠤᠯᠠᠭᠠᠨᠪᠠᠭᠠᠲᠤᠷ ᠮᠦᠽᠧᠢ ᠳᠦ ᠠᠩᠬ᠎ᠠ 2013 ᠣᠨ ᠳᠤ ᠳᠡᠯᠭᠡᠵᠦ ᠪᠠᠶᠢᠭᠰᠠᠨ᠃ ᠷᠣᠢ ᠴᠠᠫᠮᠡᠨ ᠠᠨᠳ᠋ᠷᠢᠦᠰ ᠦᠨ ᠬᠠᠢᠭᠤᠯ ᠤᠨ ᠠᠩᠭᠢ ᠶᠢᠨ ᠠᠪᠤᠭᠰᠠᠨ ᠭᠡᠷᠡᠯ ᠵᠢᠷᠤᠭ ᠤᠳ ᠢ ᠭᠤᠷᠪᠠᠨ ᠬᠡᠰᠡᠭ ᠲᠦ ᠠᠩᠭᠢᠯᠠᠨ ᠦᠵᠡᠭᠦᠯᠵᠦ ᠪᠠᠶᠢᠨ᠎ᠠ᠃ ᠦᠯᠭᠡ ᠭᠦᠷᠪᠡᠯ ᠦᠨ ᠥᠨᠳᠡᠭᠡ᠂ ᠶᠠᠰᠤ ᠶᠢ ᠬᠠᠷᠠᠭᠤᠯᠤᠭᠰᠠᠨ ᠬᠡᠰᠡᠭ᠂ ᠮᠣᠩᠭᠣᠯᠴᠤᠳ ᠤᠨ ᠠᠮᠢᠳᠤᠷᠠᠯ ᠤᠨ ᠬᠡᠪ ᠮᠠᠶ᠋ᠢᠭ᠂ ᠲᠡᠭᠦᠨᠴᠢᠯᠡᠨ ᠲᠤᠬᠠᠢ ᠶᠢᠨ ᠴᠠᠭ ᠤᠨ ᠨᠡᠶᠢᠰᠯᠡᠯ ᠬᠦᠷᠢᠶᠡᠨ ᠦ ᠳᠦᠷᠢ ᠲᠥᠷᠬᠥ ᠶᠢ ᠡᠨᠡ ᠦᠵᠡᠰᠬᠦᠯᠡᠩ ᠡᠴᠡ ᠬᠠᠷᠠᠬᠤ ᠪᠣᠯᠤᠮᠵᠢ ᠲᠠᠢ᠃

ᠰᠡᠳᠬᠢᠭᠳᠡᠯ ᠦᠯᠡᠳᠡᠭᠡᠬᠦ