ᠭ ∙ ᠡᠯᠪᠡᠭ ᠲᠤ ᠵᠣᠷᠢᠭᠤᠯᠤᠭᠰᠠᠨ ᠪᠠᠷᠢᠯᠳᠤᠭᠠᠨ ᠳᠤ ᠣ᠊ ∙ ᠬᠠᠩᠭᠠᠢ ᠲᠦᠷᠦᠭᠦᠯᠡᠯ᠎ᠡ | News.MN

ᠭ ∙ ᠡᠯᠪᠡᠭ ᠲᠤ ᠵᠣᠷᠢᠭᠤᠯᠤᠭᠰᠠᠨ ᠪᠠᠷᠢᠯᠳᠤᠭᠠᠨ ᠳᠤ ᠣ᠊ ∙ ᠬᠠᠩᠭᠠᠢ ᠲᠦᠷᠦᠭᠦᠯᠡᠯ᠎ᠡ

ᠤᠯᠤᠰ ᠤᠨ ᠬᠠᠷᠴᠠᠭᠠᠢ᠂ ᠭᠠᠪᠢᠶᠠᠲᠤ ᠳᠠᠰᠬᠠᠯᠵᠢᠭᠤᠯᠤᠭᠴᠢ ᠭ ∙ ᠡᠯᠪᠡᠭ ᠦᠨ ᠡᠮᠴᠢᠯᠡᠭᠡᠨ ᠦ ᠵᠠᠷᠤᠳᠠᠯ ᠳᠤ ᠵᠣᠷᠢᠭᠤᠯᠤᠭᠰᠠᠨ《ᠳᠦᠭᠦᠷᠡᠩ ᠰᠡᠳᠬᠢᠯ ᠦᠨ ᠢᠷᠦᠭᠡᠯ》ᠨᠡᠷ᠎ᠡ ᠲᠡᠢ ᠬᠠᠯᠵᠠ ᠪᠠᠷᠢᠯᠳᠤᠭᠠᠨ ᠥᠴᠥᠭᠡᠳᠦᠷ ᠪᠥᠬᠡ ᠶᠢᠨ ᠥᠷᠭᠥᠭᠡ ᠳᠦ ᠪᠣᠯᠤᠯ᠎ᠠ᠃ ᠤᠯᠤᠰ᠂ ᠠᠶᠢᠮᠠᠭ ᠤᠨ ᠠᠯᠳᠠᠷ ᠴᠣᠯᠠ ᠲᠠᠢ 128 ᠵᠣᠳᠣᠭᠯᠠᠭᠰᠠᠨ ᠡᠨᠡ ᠪᠠᠷᠢᠯᠳᠤᠭᠠᠨ ᠳᠤ ᠤᠯᠤᠰ ᠤᠨ ᠬᠠᠷᠴᠠᠭᠠᠢ ᠣ᠊ ∙ ᠬᠠᠩᠭᠠᠢ ᠲᠦᠷᠦᠭᠦᠯᠡᠵᠦ᠂ ᠤᠯᠤᠰ ᠤᠨ ᠥᠰᠬᠦ ᠢᠳᠡᠷ ᠨᠠᠴᠢᠨ ᠴ∙ᠪᠠᠲᠤᠴᠢᠯᠠᠭᠤᠨ ᠦᠵᠦᠭᠦᠷᠯᠡᠯ᠎ᠡ᠃ ᠶᠡᠬᠡ ᠰᠢᠪᠦᠭᠡ ᠳᠦ ᠤᠯᠤᠰ ᠤᠨ ᠬᠠᠷᠴᠠᠭᠠᠢ ᠳ∙ᠠᠨᠠᠷ᠂ ᠳᠣᠷᠣᠨᠠᠲᠤ ᠠᠶᠢᠮᠠᠭ ᠤᠨ ᠠᠷᠰᠯᠠᠨ ᠮ∙ᠪᠡᠯᠭᠦᠲᠡᠢ ᠨᠠᠷ ᠰᠢᠯᠭᠠᠷᠠᠭᠰᠠᠨ ᠶᠤᠮ᠃
ᠳᠤᠮᠳᠠ ᠰᠢᠪᠦᠭᠡ ᠶᠢᠨ ᠨᠠᠢ᠌ᠮᠠ ᠳᠤ ᠬᠥᠪᠰᠥᠭᠥᠯ ᠠᠶᠢᠮᠠᠭ ᠤᠨ ᠠᠷᠰᠯᠠᠨ ᠡ᠊∙ᠪᠠᠰᠠᠩᠵᠠᠢ᠂ ᠪᠤᠯᠠᠭᠠᠨ ᠠᠶᠢᠮᠠᠭ ᠤᠨ ᠠᠷᠰᠯᠠᠨ ᠡ᠊∙ᠰᠤᠮᠢᠶᠠᠪᠠᠲᠤ᠂ ᠵᠠᠪᠬᠠᠨ ᠠᠶᠢᠮᠠᠭ ᠤᠨ ᠠᠷᠰᠯᠠᠨ ᠳ∙ᠪᠠᠲᠤᠪᠠᠭᠠᠲᠤᠷ᠂ ᠥᠪᠦᠷᠬᠠᠩᠭᠠᠢ ᠠᠶᠢᠮᠠᠭ ᠤᠨ ᠵᠠᠭᠠᠨ ᠼ∙ᠪᠢᠮᠪᠠᠠᠤᠳᠬᠤᠨ ᠨᠠᠷ ᠦᠯᠡᠳᠡᠪᠡ᠃

ᠰᠡᠳᠬᠢᠭᠳᠡᠯ ᠦᠯᠡᠳᠡᠭᠡᠬᠦ