28 ᠤᠯᠤᠰ ᠲᠤ ᠠᠮᠢᠳᠤᠷᠠᠵᠤ ᠪᠠᠶᠢᠭ᠎ᠠ ᠬᠡᠦᠬᠡᠳ ᠦᠳ ᠮᠣᠩᠭᠣᠯ ᠬᠡᠯᠡ ᠰᠤᠶᠤᠯ ᠢᠶᠠᠨ ᠰᠤᠷᠤᠯᠴᠠᠵᠤ ᠪᠠᠶᠢᠨ᠎ᠠ | News.MN

28 ᠤᠯᠤᠰ ᠲᠤ ᠠᠮᠢᠳᠤᠷᠠᠵᠤ ᠪᠠᠶᠢᠭ᠎ᠠ ᠬᠡᠦᠬᠡᠳ ᠦᠳ ᠮᠣᠩᠭᠣᠯ ᠬᠡᠯᠡ ᠰᠤᠶᠤᠯ ᠢᠶᠠᠨ ᠰᠤᠷᠤᠯᠴᠠᠵᠤ ᠪᠠᠶᠢᠨ᠎ᠠ

ᠠᠩᠬ᠎ᠠ ᠠᠮᠧᠷᠢᠺᠠ ᠠᠴᠠ ᠦᠢᠯᠡ ᠠᠵᠢᠯᠯᠠᠭ᠎ᠠ ᠪᠠᠨ ᠡᠬᠢᠯᠡᠵᠦ ᠪᠠᠶᠢᠭᠰᠠᠨ《ᠤᠨᠠᠭ᠎ᠠ》ᠤᠨᠯᠠᠢᠨ ᠰᠤᠷᠭᠠᠯᠲᠠ ᠶᠢᠨ ᠲᠥᠪ ᠨᠢ ᠡᠳᠦᠭᠡ ᠳᠡᠯᠡᠬᠡᠢ ᠶᠢᠨ 28 ᠣᠷᠣᠨ ᠳᠤ ᠠᠮᠢᠳᠤᠷᠠᠵᠤ ᠪᠠᠶᠢᠭ᠎ᠠ ᠬᠡᠦᠬᠡᠳ ᠦᠳ ᠲᠤ ᠮᠣᠩᠭᠣᠯ ᠬᠡᠯᠡ᠂ ᠮᠣᠩᠭᠣᠯ ᠠᠬᠤᠢ᠂ ᠵᠠᠩ ᠵᠠᠩᠰᠢᠯ ᠤᠨ ᠬᠢᠴᠢᠶᠡᠯ ᠢ ᠮᠣᠩᠭᠣᠯ᠂ ᠠᠩᠭᠯᠢ᠂ ᠶᠠᠫᠣᠨ᠂ ᠰᠣᠯᠣᠩᠭᠣᠰ ᠬᠡᠯᠡᠨ ᠦ ᠣᠷᠴᠢᠭᠤᠯᠭ᠎ᠠ ᠲᠠᠢ ᠪᠠᠷ ᠣᠨᠯᠠᠶᠢᠨ ᠢᠶᠠᠷ ᠠᠮᠵᠢᠯᠲᠠ ᠲᠠᠢ ᠵᠢᠭᠠᠵᠤ ᠰᠤᠷᠭᠠᠵᠤ ᠪᠠᠶᠢᠨ᠎ᠠ᠃

ᠮᠣᠩᠭᠣᠯ ᠬᠡᠯᠡᠨ ᠦ ᠰᠠᠭᠤᠷᠢ ᠮᠡᠳᠡᠯᠭᠡ ᠦᠭᠡᠢ ᠬᠡᠦᠬᠡᠳ ᠴᠤ《ᠤᠨᠠᠭ᠎ᠠ》ᠰᠤᠷᠭᠠᠯᠲᠠ ᠶᠢᠨ ᠲᠥᠪ ᠦᠨ ᠰᠤᠷᠭᠠᠯᠲᠠ ᠳᠤ ᠬᠠᠮᠤᠷᠤᠭᠳᠠᠭᠰᠠᠨ ᠢᠶᠠᠷ ᠬᠤᠶᠠᠷ ᠰᠠᠷ᠎ᠠ ᠶᠢᠨ ᠳᠣᠲᠣᠷ᠎ᠠ ᠴᠠᠭᠠᠨ ᠲᠣᠯᠣᠭᠠᠢ ᠶᠢᠨ 35 ᠦᠰᠦᠭ ᠢᠶᠡᠨ ᠳᠠᠷᠤᠮᠠᠯ᠂ ᠪᠢᠴᠢᠮᠡᠯ ᠬᠤᠶᠠᠷ ᠬᠡᠯᠪᠡᠷᠢ ᠪᠡᠷ ᠨᠢ ᠰᠤᠷᠴᠤ᠂ ᠪᠣᠭᠣᠨᠢ ᠦᠶ᠎ᠡ ᠲᠡᠢ ᠦᠭᠡ᠂ ᠦᠭᠦᠯᠡᠪᠦᠷᠢ ᠶᠢ ᠤᠩᠰᠢᠵᠤ᠂ ᠪᠢᠴᠢᠵᠦ ᠰᠤᠷᠬᠤ ᠪᠥᠷᠢᠨ ᠪᠣᠯᠤᠮᠵᠢ ᠲᠠᠢ ᠭᠡᠳᠡᠭ ᠢ ᠲᠡᠳᠡ ᠣᠨᠴᠠᠯᠠᠯ᠎ᠠ᠃《ᠤᠨᠠᠭ᠎ᠠ》ᠰᠤᠷᠭᠠᠯᠲᠠ ᠶᠢᠨ ᠲᠥᠪ ᠨᠢ ᠮᠣᠩᠭᠣᠯ᠂ ᠠᠮᠧᠷᠢᠺᠠ ᠂ ᠬᠢᠲᠠᠳ᠂ ᠰᠣᠯᠣᠩᠭᠣᠰ ᠤᠯᠤᠰ ᠲᠤ ᠠᠵᠢᠯᠯᠠᠵᠤ ᠠᠮᠢᠳᠤᠷᠠᠳᠠᠭ 25 ᠪᠠᠭᠰᠢ᠂ ᠠᠵᠢᠯᠲᠠᠨ ᠲᠠᠢ ᠪᠥᠭᠡᠳ ᠭᠠᠳᠠᠭᠠᠳᠤ ᠳᠤ ᠠᠮᠢᠳᠤᠷᠠᠵᠤ ᠪᠠᠶᠢᠭ᠎ᠠ ᠬᠡᠦᠬᠡᠳ ᠦᠳ ᠪᠣᠯᠤᠨ ᠮᠣᠩᠭᠣᠯ ᠬᠡᠯᠡ ᠰᠤᠷᠬᠤ ᠬᠦᠰᠡᠯ ᠲᠡᠢ ᠭᠠᠳᠠᠭᠠᠳᠤ ᠬᠦᠮᠦᠰ ᠲᠦ ᠵᠣᠷᠢᠭᠤᠯᠤᠨ ᠡᠬᠡ ᠬᠡᠯᠡ ᠰᠣᠶᠣᠯ ᠢᠶᠠᠨ ᠰᠤᠷᠭᠠᠬᠤ᠂ ᠥᠪᠯᠡᠭᠦᠯᠬᠦ᠂ ᠪᠠᠬᠠᠷᠬᠠᠬᠤ ᠭᠡᠭᠡᠨ ᠵᠣᠷᠢᠯᠭ᠎ᠠ ᠶᠢ ᠡᠷᠬᠢᠮ ᠪᠣᠯᠭᠠᠨ ᠠᠵᠢᠯᠯᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ