ᠬᠢᠲᠠᠳ ᠮᠣᠩᠭᠣᠯ ᠠᠴᠠ ᠠᠪᠬᠤ ᠨᠡᠭᠦᠷᠡᠰᠦᠨ ᠦ ᠢᠮᠫᠣᠷᠲ ᠢᠶᠠᠨ ᠨᠡᠮᠡᠵᠦ ᠮᠠᠭᠠᠳ ᠦᠭᠡᠢ | News.MN

ᠬᠢᠲᠠᠳ ᠮᠣᠩᠭᠣᠯ ᠠᠴᠠ ᠠᠪᠬᠤ ᠨᠡᠭᠦᠷᠡᠰᠦᠨ ᠦ ᠢᠮᠫᠣᠷᠲ ᠢᠶᠠᠨ ᠨᠡᠮᠡᠵᠦ ᠮᠠᠭᠠᠳ ᠦᠭᠡᠢ

ᠬᠢᠲᠠᠳ ᠲᠤ ᠡᠷᠴᠢᠮ ᠬᠦᠴᠦᠨ ᠦ ᠡᠬᠢ ᠡᠭᠦᠰᠪᠦᠷᠢ ᠳᠤᠲᠠᠭᠳᠠᠯ ᠲᠠᠢ ᠪᠣᠯᠤᠭᠰᠠᠨ ᠲᠠᠢ ᠬᠣᠯᠪᠣᠭᠠᠲᠠᠢ ᠪᠠᠷ ᠣᠷᠣᠰ᠂ ᠢᠨᠳᠦᠨᠢᠰᠢᠶ᠎ᠡ᠂ ᠮᠣᠩᠭᠣᠯ ᠠᠴᠠ ᠠᠪᠬᠤ ᠨᠡᠭᠦᠷᠡᠰᠦᠨ ᠦ ᠬᠡᠮᠵᠢᠶ᠎ᠡ ᠶᠢ ᠨᠡᠮᠡᠭᠳᠡᠭᠦᠯᠬᠦ ᠶᠣᠰᠣᠲᠠᠢ ᠭᠡᠵᠦ ᠲᠤᠰ ᠤᠯᠤᠰ ᠤᠨ ᠵᠢᠯᠢᠨ ᠮᠤᠵᠢ ᠶᠢᠨ ᠵᠠᠬᠢᠷᠤᠭᠴᠢ ᠬᠠᠨ ᠵᠢᠶᠦ᠋ᠨ ᠮᠡᠳᠡᠭᠳᠡᠵᠡᠢ᠃ ᠲᠡᠷᠡ ᠪᠡᠷ ᠥᠴᠥᠭᠡᠳᠦᠷ ᠣᠷᠣᠨ ᠨᠤᠲᠤᠭ ᠤᠨ ᠢᠶᠡᠨ ᠡᠷᠴᠢᠮ ᠬᠦᠴᠦᠨ ᠦ ᠺᠣᠮᠫᠠᠨᠢ ᠨᠤᠭᠤᠳ ᠲᠠᠢ ᠠᠭᠤᠯᠵᠠᠯᠲᠠ ᠬᠢᠬᠦ ᠦᠶ᠎ᠡ ᠪᠡᠷ ᠨᠡᠭᠦᠷᠡᠰᠦᠨ ᠦ ᠬᠡᠷᠡᠭᠴᠡᠭᠡ ᠶᠢ ᠬᠠᠩᠭᠠᠬᠤ ᠨᠡᠮᠡᠯᠲᠡ ᠰᠤᠪᠠᠭ ᠤᠳ ᠢ ᠪᠤᠢ ᠪᠣᠯᠭᠠᠬᠤ ᠱᠠᠭᠠᠷᠳᠠᠯᠭ᠎ᠠ ᠲᠠᠢ ᠪᠠᠶᠢᠭ᠎ᠠ ᠲᠠᠯ᠎ᠠ ᠪᠠᠷ ᠢᠶᠠᠨ ᠶᠠᠷᠢᠭᠰᠠᠨ ᠪᠠᠶᠢᠨ᠎ᠠ᠃

ᠵᠢᠯᠢᠨ ᠮᠤᠵᠢ ᠰᠡᠭᠦᠯ ᠦᠨ ᠬᠡᠳᠦᠨ ᠵᠢᠯ ᠳᠦ ᠠᠩᠬ᠎ᠠ ᠤᠳᠠᠭ᠎ᠠ ᠡᠷᠴᠢᠮ ᠬᠦᠴᠦᠨ ᠦ ᠳᠤᠲᠠᠭᠳᠠᠯ ᠳᠤ ᠣᠷᠣᠭᠠᠳ ᠪᠠᠶᠢᠭ᠎ᠠ ᠶᠤᠮ ᠪᠠᠶᠢᠨ᠎ᠠ᠃  ᠵᠢᠯᠢᠨ ᠡᠴᠡ ᠥᠭᠡᠷ᠎ᠡ 10 ᠮᠤᠵᠢ ᠶᠠᠭ ᠢᠵᠢᠯ ᠪᠠᠶᠢᠳᠠᠯ ᠳᠤ ᠪᠠᠶᠢᠭ᠎ᠠ ᠤᠴᠢᠷ ᠣᠶᠢᠷ᠎ᠠ ᠶᠢᠨ ᠦᠶ᠎ᠡ ᠳᠦ ᠲᠤᠰ ᠤᠯᠤᠰ ᠢᠮᠫᠣᠷᠲ ᠢᠶᠠᠨ ᠦᠯᠡᠮᠵᠢ ᠥᠰᠬᠡᠬᠦ ᠨᠢ ᠭᠠᠷᠴᠠᠭ᠎ᠠ ᠦᠭᠡᠢ ᠪᠣᠯᠤᠭᠠᠳ ᠪᠠᠶᠢᠨ᠎ᠠ᠃

ᠰᠡᠳᠬᠢᠭᠳᠡᠯ ᠦᠯᠡᠳᠡᠭᠡᠬᠦ