ᠠᠷᠠᠳᠴᠢᠯᠠᠭᠰᠠᠨ ᠨᠠᠮ ᠤᠨ ᠶᠡᠬᠡ ᠬᠤᠷᠠᠯ ᠢᠶᠠᠨ ᠢᠷᠡᠬᠦ ᠠᠷᠪᠠᠨ ᠨᠢᠭᠡᠳᠦᠭᠡᠷ ᠰᠠᠷ᠎ᠠ ᠶᠢᠨ ᠲᠠᠪᠤᠨ ᠳᠦ ᠬᠢᠵᠦ᠂ ᠨᠠᠮ ᠤᠨ ᠳᠠᠷᠤᠭ᠎ᠠ ᠪᠠᠨ ᠰᠣᠩᠭᠣᠬᠤ ᠪᠠᠷ ᠲᠣᠪᠯᠠᠵᠠᠢ᠃ ᠡᠨᠡ ᠤᠳᠠᠭ᠎ᠠ ᠶᠢᠨ ᠬᠤᠷᠠᠯ ᠢᠶᠠᠨ ᠡᠪ ᠨᠢᠭᠡᠳᠦᠯ ᠦᠨ ᠶᠡᠬᠡ ᠬᠤᠷᠠᠯ ᠭᠡᠵᠦ ᠨᠡᠷᠡᠯᠡᠵᠡᠢ᠃ ᠡᠨᠡ ᠲᠠᠯ᠎ᠠ ᠪᠠᠷ ᠤᠯᠤᠰ ᠤᠨ ᠶᠡᠬᠡ ᠬᠤᠷᠠᠯ ᠦᠨ ᠭᠡᠰᠢᠭᠦᠨ ᠣ᠊ ∙ ᠴᠤᠭᠲᠤᠭᠡᠷᠡᠯ ᠄ ᠶᠡᠬᠡ ᠬᠤᠷᠠᠯ ᠢᠶᠠᠷ ᠣᠯᠠᠩᠬᠢ ᠶᠢᠨ ᠰᠠᠨᠠᠯ ᠠᠪᠤᠭᠰᠠᠨ ᠬᠦᠮᠦᠨ ᠢ ᠨᠠᠮ ᠤᠨ ᠳᠠᠷᠤᠭ᠎ᠠ ᠪᠠᠷ ᠰᠤᠩᠭᠤᠬᠤ ᠪᠥᠭᠡᠳ ᠢᠯᠠᠭᠰᠠᠨ ᠪᠣᠯᠤᠨ ᠢᠯᠠᠭᠳᠠᠭᠰᠠᠨ ᠲᠠᠯ᠎ᠠ ᠬᠣᠶᠠᠷ ᠬᠠᠷᠢᠯᠴᠠᠨ ᠬᠦᠨᠳᠦᠳᠬᠡᠯᠲᠡᠢ ᠬᠠᠨᠳᠤᠬᠤ ᠪᠣᠯᠤᠨ᠎ᠠ ᠭᠡᠯᠡ᠃
ᠨᠦᠭᠦᠭᠡ ᠳᠠᠷᠤᠭᠠᠮ ∙ ᠲᠤᠯᠭᠠᠲᠤ᠄ ᠮᠣᠩᠭᠣᠯ ᠤᠨ ᠲᠥᠷᠥ ᠳᠦ ᠰᠥᠷᠭᠦ ᠬᠦᠴᠦᠨ ᠦ ᠳᠠᠭᠤ ᠬᠣᠭᠣᠯᠠᠢ ᠲᠤᠶᠢᠯ ᠤᠨ ᠴᠢᠬᠤᠯᠠ ᠪᠠᠶᠢᠨ᠎ᠠ᠃ ᠤᠯᠤᠰ ᠤᠨ ᠶᠡᠬᠡ ᠬᠤᠷᠠᠯ ᠳᠦ ᠰᠠᠭᠤᠳᠠᠯ ᠲᠠᠢ᠂ ᠪᠦᠯᠦᠭ ᠲᠡᠢ ᠠᠷᠠᠳᠴᠢᠯᠠᠭᠰᠠᠨ ᠨᠠᠮ ᠤᠯᠠ ᠰᠠᠭᠤᠷᠢ ᠲᠠᠢ᠂ ᠤᠯᠤᠰ ᠲᠥᠷᠥ ᠶᠢᠨ ᠰᠤᠶᠤᠯ ᠲᠠᠢ ᠰᠥᠷᠭᠦ ᠬᠦᠴᠦᠨ ᠪᠣᠯᠬᠤ ᠶᠢᠨ ᠲᠤᠯᠠᠳᠠ ᠳᠣᠲᠣᠭᠠᠳᠤ ᠠᠰᠠᠭᠤᠳᠠᠯ ᠢᠶᠠᠨ ᠨᠡᠩ ᠳᠠᠷᠤᠢ ᠰᠢᠢᠳᠪᠦᠷᠢᠯᠡᠬᠦ ᠶᠣᠰᠣᠲᠠᠢ᠃ ᠠᠷᠠᠳᠴᠢᠯᠠᠭᠰᠠᠨ ᠨᠠᠮ ᠤᠨ ᠡᠭᠦᠰᠴᠦ ᠪᠠᠶᠢᠭ᠎ᠠ᠂ ᠴᠢᠨᠠᠭᠰᠢᠳᠠ ᠳᠠᠬᠢᠨ ᠡᠭᠦᠰᠴᠦ ᠪᠣᠯᠵᠣᠰᠢ ᠦᠭᠡᠢ ᠵᠥᠷᠢᠴᠡᠯ ᠢ ᠤᠯᠠ ᠦᠨᠳᠦᠰᠦ ᠪᠡᠷ ᠨᠢ ᠤᠰᠠᠳᠬᠠᠬᠤ ᠰᠢᠰᠲ᠋ᠧᠮ ᠦᠨ ᠥᠭᠡᠷᠡᠴᠢᠯᠡᠯᠲᠡ ᠶᠢ ᠡᠨᠡ ᠶᠡᠬᠡ ᠬᠤᠷᠠᠯ ᠢᠶᠠᠷ ᠬᠢᠬᠦ ᠶᠣᠰᠣᠲᠠᠢ ᠭᠡᠪᠡ᠃