ᠡᠨᠡ ᠵᠢᠯ ᠦᠨ ᠥᠰᠪᠦᠷᠢ ᠶᠢᠨ ᠰᠢᠲᠠᠷᠠᠴᠢᠳ ᠤᠨ ᠵᠡᠭᠦᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠴᠠᠷ᠎ᠠ ᠲᠠᠬᠤᠯ ᠤᠨ ᠤᠯᠠᠮ ᠠᠴᠠ ᠴᠠᠬᠢᠮ ᠢᠶᠠᠷ ᠵᠣᠬᠢᠶᠠᠨ ᠪᠠᠶᠢᠭᠤᠯᠤᠭᠳᠠᠵᠠᠢ᠃ ᠲᠡᠮᠡᠴᠡᠭᠡᠨ ᠢ ᠲᠠᠢᠯᠠᠨᠳ᠋ ᠤᠨ ᠸᠠᠩᠲᠤ ᠤᠯᠤᠰ ᠤᠨ ᠰᠢᠲᠠᠷ᠎ᠠ ᠶᠢᠨ ᠬᠣᠯᠪᠣᠭ᠎ᠠ ᠪᠣᠯᠤᠨ ᠠᠽᠢᠶ᠎ᠠ ᠶᠢᠨ ᠰᠢᠲᠠᠷ᠎ᠠ ᠶᠢᠨ ᠬᠣᠯᠪᠣᠭ᠎ᠠ ᠬᠠᠮᠲᠤᠷᠠᠨ ᠵᠣᠬᠢᠶᠠᠨ ᠪᠠᠶᠢᠭᠤᠯᠤᠭᠰᠠᠨ ᠪᠥᠭᠡᠳ ᠮᠠᠨ ᠤ ᠤᠯᠤᠰ ᠠᠴᠠ 76 ᠥᠰᠪᠦᠷᠢ ᠶᠢᠨ ᠰᠢᠲᠠᠷᠠᠴᠢᠨ ᠣᠷᠣᠯᠴᠠᠭᠰᠠᠨ ᠶᠤᠮ᠃
ᠷᠠᠫᠢᠳ ᠲᠥᠷᠥᠯ ᠢᠶᠡᠷ ᠭᠤᠷᠪᠠᠨ ᠡᠳᠦᠷ ᠦᠨ ᠲᠤᠷᠰᠢ ᠨᠡᠶᠢᠲᠡ ᠶᠢᠰᠦᠨ ᠥᠷᠥᠭ ᠲᠣᠭᠯᠠᠭᠰᠠᠨ ᠲᠤᠮᠤ ᠲᠡᠮᠡᠴᠡᠭᠡᠨ ᠳᠦ ᠵᠡᠭᠦᠨ ᠠᠽᠢᠶ᠎ᠠ ᠶᠢᠨ 14 ᠣᠷᠣᠨ ᠤ ᠥᠰᠪᠦᠷᠢ ᠶᠢᠨ ᠰᠢᠲᠠᠷᠠᠴᠢᠳ ᠣᠶᠤᠨ ᠤᠬᠠᠭᠠᠨ ᠢᠶᠠᠨ ᠤᠷᠤᠯᠳᠤᠭᠤᠯᠵᠠᠢ᠃ ᠮᠣᠩᠭᠣᠯ ᠤᠯᠤᠰ ᠠᠴᠠ 10 ᠨᠠᠰᠤᠨ ᠤ ᠦᠬᠢᠳ ᠤᠨ ᠠᠩᠭᠢᠯᠠᠯ ᠳᠤ ᠳᠠᠷᠬᠠᠨ-ᠠᠭᠤᠯᠠ ᠠᠶᠢᠮᠠᠭ ᠤᠨ ᠮᠢᠭᠮᠠᠷ ᠤᠨ ᠴᠡᠯᠮᠡᠭ ᠶᠢᠰᠦᠨ ᠥᠷᠥᠭ ᠡᠴᠡ ᠨᠠᠢ᠌ᠮᠠᠨ ᠣᠨᠣᠭ᠎ᠠ ᠲᠠᠢ ᠲᠡᠷᠢᠭᠦᠨ ᠪᠠᠶᠢᠷᠢ ᠡᠵᠡᠯᠡᠵᠦ᠂ ᠵᠡᠭᠦᠨ ᠠᠽᠢᠶ᠎ᠠ ᠶᠢᠨ ᠠᠪᠤᠷᠭᠤ ᠪᠣᠯᠤᠯ᠎ᠠ᠃ ᠮᠥᠨ ᠲᠤᠰ ᠨᠠᠰᠤᠨ ᠤ ᠠᠩᠭᠢᠯᠠᠯ ᠳᠤ ᠰᠦᠬᠡᠪᠠᠭᠠᠲᠤᠷ ᠠᠶᠢᠮᠠᠭ ᠤᠨ ᠡᠩᠬᠡᠮᠦ᠋ᠩᠬᠡ ᠶᠢᠨ ᠭᠡᠭᠡᠨ ᠬᠣᠶᠠᠳᠤᠭᠠᠷ ᠪᠠᠶᠢᠷᠢ ᠡᠵᠡᠯᠡᠵᠦ᠂ ᠮᠥᠩᠭᠥᠨ ᠮᠧᠳᠠᠯ ᠬᠦᠷᠲᠡᠵᠡᠢ᠃