ᠣᠷᠬᠣᠨ ᠭᠣᠣᠯ ᠳᠡᠭᠡᠭᠦᠷ 220 ᠮᠧᠲ᠋ᠷ ᠤᠷᠲᠤ ᠲᠡᠮᠦᠷ ᠪᠧᠲ᠋ᠣᠨ ᠭᠦᠭᠦᠷᠭᠡ ᠪᠠᠷᠢᠵᠤ ᠨᠡᠭᠡᠭᠡᠯ᠎ᠡ | News.MN

ᠣᠷᠬᠣᠨ ᠭᠣᠣᠯ ᠳᠡᠭᠡᠭᠦᠷ 220 ᠮᠧᠲ᠋ᠷ ᠤᠷᠲᠤ ᠲᠡᠮᠦᠷ ᠪᠧᠲ᠋ᠣᠨ ᠭᠦᠭᠦᠷᠭᠡ ᠪᠠᠷᠢᠵᠤ ᠨᠡᠭᠡᠭᠡᠯ᠎ᠡ

ᠥᠪᠦᠷᠬᠠᠩᠭᠠᠢ ᠠᠶᠢᠮᠠᠭ ᠤᠨ ᠪᠠᠲᠤᠠᠦ᠋ᠯᠵᠡᠢ ᠰᠤᠮᠤ ᠶᠢᠨ ᠨᠤᠲᠤᠭ᠂ ᠣᠷᠬᠣᠨ ᠭᠣᠣᠯ ᠤᠨ ᠣᠩᠭᠣᠴᠠᠲᠠᠢ ᠶᠢᠨ ᠠᠮᠠᠨ ᠤ ᠭᠦᠦᠷ ᠢ ᠠᠰᠢᠭᠯᠠᠯᠲᠠ ᠳᠤ ᠣᠷᠣᠭᠤᠯᠵᠤ᠂ ᠡᠨᠡ ᠰᠠᠷ᠎ᠠ ᠶᠢᠨ 24 ᠳᠤ ᠨᠡᠭᠡᠭᠡᠯᠲᠡ ᠪᠡᠨ ᠬᠢᠯ᠎ᠡ᠃ ᠤᠯᠤᠰ ᠤᠨ ᠲᠥᠰᠦᠪ ᠦᠨ ᠶᠢᠰᠦᠨ ᠲᠡᠷᠪᠤᠮ ᠲᠥᠭᠥᠷᠢᠭ ᠦᠨ ᠬᠥᠷᠥᠩᠭᠡ ᠪᠡᠷ 220 ᠮᠧᠲ᠋ᠷ ᠤᠷᠲᠤ ᠲᠠᠢ ᠲᠡᠮᠦᠷ ᠪᠧᠲ᠋ᠣᠨ ᠭᠦᠭᠦᠷᠭᠡ ᠶᠢ ᠪᠠᠷᠢᠵᠤ ᠪᠠᠶᠢᠭᠤᠯᠤᠭᠰᠠᠨ ᠨᠢ ᠮᠠᠯᠴᠢᠳ ᠡᠪᠦᠯᠵᠢᠶ᠎ᠡ᠂  ᠬᠠᠪᠤᠷᠵᠢᠶ᠎ᠠ ᠪᠠᠨ ᠰᠡᠯᠭᠦᠨ ᠨᠡᠭᠦᠳᠡᠯᠯᠡᠬᠦ᠂ ᠲᠥᠪ ᠣᠷᠣᠵᠤ᠂ ᠲᠥᠷᠦ ᠶᠢᠨ ᠦᠢᠯᠡᠴᠢᠯᠡᠭᠡ ᠠᠪᠬᠤ᠂ ᠳᠣᠲᠣᠭᠠᠳᠤ᠂ ᠭᠠᠳᠠᠭᠠᠳᠤ ᠶᠢᠨ ᠠᠶᠠᠯᠠᠭᠴᠢ ᠵᠢᠭᠤᠯᠴᠢᠳ ᠪᠠᠢᠭᠠᠯᠢ ᠶᠢᠨ ᠦᠵᠡᠰᠬᠦᠯᠡᠩᠲᠦ ᠭᠠᠵᠠᠷ ᠢᠶᠠᠷ ᠶᠠᠪᠤᠬᠤ ᠳᠤ ᠣᠷᠬᠣᠨ ᠭᠣᠣᠯ ᠢ ᠰᠠᠭᠠᠳ ᠦᠭᠡᠢ ᠭᠠᠲᠤᠯᠬᠤ ᠪᠣᠯᠤᠮᠵᠢ ᠪᠦᠷᠢᠳᠴᠦ ᠪᠠᠶᠢᠨ᠎ᠠ᠃
ᠲᠡᠷᠡᠴᠢᠯᠡᠨ ᠤᠭ ᠭᠦᠦᠷ ᠡᠴᠡ ᠪᠠᠲᠤᠠᠦ᠋ᠯᠵᠡᠢ ᠰᠤᠮᠤ ᠶᠢᠨ ᠲᠥᠪ ᠬᠦᠷᠲᠡᠯᠡᠬᠢ 7.6 ᠺᠢᠯᠣᠮᠧᠲ᠋ᠷ ᠬᠠᠢᠷ ᠴᠢᠯᠠᠭᠤᠨ ᠤ ᠵᠠᠮ᠂ ᠴᠠᠭᠠᠨ ᠭᠣᠣᠯ ᠤᠨ ᠲᠡᠮᠦᠷ ᠪᠧᠲ᠋ᠣᠨ ᠭᠦᠭᠦᠷᠭᠡ᠂ ᠮᠣᠭᠠᠶᠢᠲᠤ ᠶᠢᠨ ᠭᠣᠣᠯ᠂ ᠤᠯᠠᠭᠠᠨ ᠭᠣᠣᠯ᠂ ᠡᠭᠦᠷᠲᠦ ᠶᠢᠨ ᠲᠣᠬᠣᠢ ᠶᠢᠨ ᠭᠦᠦᠷ ᠦᠳ ᠢ ᠬᠠᠮᠲᠤ ᠳᠤ ᠨᠢ ᠰᠢᠨᠡᠴᠢᠯᠡᠨ ᠪᠠᠷᠢᠵᠤ ᠪᠠᠶᠢᠭᠤᠯᠤᠭᠰᠠᠨ ᠢᠶᠠᠷ ᠣᠷᠣᠨ ᠨᠤᠲᠤᠭ ᠲᠡᠳᠦᠢ ᠦᠭᠡᠢ ᠪᠦᠰᠡ ᠨᠤᠲᠤᠭ ᠤᠨ ᠬᠡᠮᠵᠢᠶᠡᠨ ᠳᠦ ᠠᠶᠠᠯᠠᠯ ᠵᠢᠭᠤᠯᠴᠢᠯᠠᠯ ᠢ ᠬᠥᠭᠵᠢᠭᠦᠯᠬᠦ ᠲᠣᠮᠣᠬᠠᠨ ᠭᠠᠷᠴᠠ ᠶᠢ ᠨᠡᠭᠡᠭᠡᠭᠡᠳ ᠪᠠᠶᠢᠨ᠎ᠠ᠃

ᠰᠡᠳᠬᠢᠭᠳᠡᠯ ᠦᠯᠡᠳᠡᠭᠡᠬᠦ