ᠮᠣᠩᠭᠣᠯ ᠤᠯᠤᠰ ᠠᠴᠠ ᠰᠸᠸᠳ᠋ᠸᠨ ᠦ ᠬᠠᠭᠠᠨᠲᠤ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠲ ∙ ᠵᠠᠨᠠᠪᠠᠽᠠᠷ ᠶᠢᠰᠦᠳᠦᠭᠡᠷ ᠰᠠᠷ᠎ᠠ ᠶᠢᠨ 21 ᠳᠦ ᠰᠸᠸᠳ᠋ᠸᠨ ᠦ ᠤᠭᠰᠠᠭᠠᠲᠠᠨ ᠤ ᠵᠦᠢ ᠶᠢᠨ ᠮᠦᠽᠧᠢ᠂ ᠠᠯᠤᠰ ᠳᠣᠷᠣᠨᠠᠲᠤ ᠶᠢᠨ ᠡᠷᠲᠡᠨ ᠦ ᠡᠳ᠋ᠯᠡᠯ ᠦᠳ ᠦᠨ ᠮᠦᠽᠧᠢ᠂ ᠭᠠᠵᠠᠷ ᠤᠨ ᠳᠤᠮᠳᠠᠳᠤ ᠲᠡᠩᠭᠢᠰ ᠪᠣᠯᠤᠨ ᠣᠶᠢᠷᠠᠬᠢ ᠳᠣᠷᠣᠨᠠᠲᠤ ᠶᠢᠨ ᠮᠦᠽᠧᠢ᠂ ᠭᠤᠲᠸᠨᠪᠦ᠋ᠷᠡᠭ ᠦᠨ ᠳᠡᠯᠡᠬᠡᠢ ᠶᠢᠨ ᠰᠤᠶᠤᠯ ᠤᠨ ᠮᠦᠽᠧᠢ ᠶᠢ ᠨᠢᠭᠡᠳᠬᠡᠭᠰᠡᠨ ᠳᠡᠯᠡᠬᠡᠢ ᠶᠢᠨ ᠰᠤᠶᠤᠯ ᠤᠨ ᠦᠨᠳᠦᠰᠦᠨ ᠦ ᠮᠦᠽᠧᠢ ᠶᠢᠨ ᠶᠡᠷᠦᠩᠬᠡᠢ ᠵᠠᠬᠢᠷᠤᠯ ᠬᠠᠲᠤᠭᠲᠠᠢ ᠠᠨᠨᠠ ᠹᠣᠯᠯᠢᠨ ᠲᠠᠢ ᠠᠭᠤᠯᠵᠠᠵᠤ᠂ ᠳᠡᠭᠡᠷᠡᠬᠢ ᠮᠦᠽᠧᠢ ᠳᠦ ᠬᠠᠳᠠᠭᠠᠯᠠᠭᠳᠠᠵᠤ ᠪᠤᠢ ᠮᠣᠩᠭᠣᠯ ᠤᠨ ᠲᠡᠦᠬᠡ ᠰᠤᠶᠤᠯ ᠤᠨ ᠥᠪ᠂ ᠳᠤᠷᠠᠰᠬᠠᠯ ᠤᠳ ᠢ ᠬᠠᠷᠢᠯᠴᠠᠨ ᠰᠤᠳᠤᠯᠬᠤ᠂ ᠬᠣᠶᠠᠷ ᠣᠷᠣᠨ ᠤ ᠠᠷᠠᠳ ᠲᠦᠮᠡᠨ ᠳᠦ ᠰᠤᠷᠲᠠᠯᠴᠢᠯᠠᠨ ᠲᠠᠨᠢᠯᠴᠠᠭᠤᠯᠬᠤ᠂ ᠮᠦᠽᠧᠢ ᠬᠣᠭᠣᠷᠣᠨᠳᠣ ᠶᠢᠨ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠦᠨ ᠬᠥᠭᠵᠢᠭᠦᠯᠬᠦ ᠠᠰᠠᠭᠤᠳᠠᠯ ᠢᠶᠠᠷ ᠰᠠᠨᠠᠯ ᠰᠤᠯᠢᠯᠴᠠᠪᠠ᠃
ᠠᠭᠤᠯᠵᠠᠯᠲᠠ ᠶᠢᠨ ᠦᠶ᠎ᠡ ᠪᠡᠷ ᠮᠠᠨ ᠤ ᠲᠠᠯ᠎ᠠ ᠠᠴᠠ ᠰᠸᠸᠳ᠋ᠸᠨ ᠳ᠋ᠡᠬᠢ ᠮᠣᠩᠭᠣᠯ ᠤᠨ ᠥᠪ᠂ ᠳᠤᠷᠠᠰᠬᠠᠯ ᠤᠳ ᠢᠶᠠᠷ ᠨᠤᠮ ᠪᠦᠲᠦᠭᠡᠬᠦ᠂ ᠬᠠᠮᠲᠤᠷᠠᠭᠰᠠᠨ ᠦᠵᠡᠰᠬᠦᠯᠡᠩ ᠭᠠᠷᠭᠠᠬᠤ᠂ ᠬᠣᠶᠠᠷ ᠲᠠᠯ᠎ᠠ ᠶᠢᠨ ᠮᠦᠽᠧᠢ ᠬᠣᠭᠣᠷᠣᠨᠳᠣ ᠮᠡᠷᠭᠡᠵᠢᠯᠲᠡᠨ ᠰᠤᠳᠤᠯᠤᠭᠠᠴᠢᠳ ᠰᠤᠯᠢᠯᠴᠠᠬᠤ ᠪᠣᠯᠤᠨ ᠰᠸᠸᠳ᠋ᠸᠨ ᠤᠯᠤᠰ ᠲᠤ ᠥᠰᠴᠦ᠂ ᠬᠦᠮᠦᠵᠢᠵᠦ ᠪᠤᠢ ᠮᠣᠩᠭᠣᠯ ᠬᠡᠦᠬᠡᠳ ᠦᠳ ᠲᠦ ᠡᠬᠡ ᠰᠤᠶᠤᠯ᠂ ᠲᠡᠦᠬᠡ ᠪᠡᠨ ᠲᠠᠨᠢᠭᠤᠯᠬᠤ ᠵᠣᠷᠢᠯᠭ᠎ᠠ ᠪᠠᠷ ᠮᠣᠩᠭᠣᠯ ᠤᠨ ᠬᠣᠯᠪᠣᠭᠳᠠᠯ ᠲᠠᠢ ᠦᠵᠡᠮᠦᠷᠢ ᠨᠦᠭᠦᠳ ᠢ ᠲᠠᠨᠢᠯᠴᠠᠭᠤᠯᠬᠤ ᠠᠶᠠᠯᠠᠯ ᠵᠣᠬᠢᠶᠠᠨ ᠪᠠᠶᠢᠭᠤᠯᠬᠤ ᠴᠢᠭᠯᠡᠯ ᠢᠶᠡᠷ ᠬᠠᠮᠲᠤᠷᠠᠨ ᠠᠵᠢᠯᠯᠠᠬᠤ ᠰᠠᠨᠠᠯ ᠲᠠᠯᠪᠢᠭᠰᠠᠨ ᠢ ᠠᠶᠢᠯ ᠤᠨ ᠲᠠᠯ᠎ᠠ ᠠᠴᠠ ᠨᠠᠭᠠᠰᠢ ᠲᠠᠢ ᠬᠦᠯᠢᠶᠡᠨ ᠠᠪᠴᠤ ᠴᠢᠨᠠᠭᠰᠢᠳᠠ ᠬᠠᠮᠲᠤᠷᠠᠨ ᠠᠵᠢᠯᠯᠠᠬᠤ ᠪᠠᠷ ᠪᠣᠯᠪᠠ᠃