ᠮᠣᠩᠭᠣᠯ ᠤᠯᠤᠰ ᠢ 3x 3 ᠰᠠᠭᠰᠤᠨ ᠪᠥᠮᠪᠥᠭᠡ ᠶᠢ ᠬᠠᠮᠤᠭ ᠤᠨ ᠬᠤᠷᠳᠤᠨ ᠬᠥᠭᠵᠢᠭᠦᠯᠦᠭᠰᠡᠨ ᠭᠡᠵᠡᠢ | News.MN

ᠮᠣᠩᠭᠣᠯ ᠤᠯᠤᠰ ᠢ 3x 3 ᠰᠠᠭᠰᠤᠨ ᠪᠥᠮᠪᠥᠭᠡ ᠶᠢ ᠬᠠᠮᠤᠭ ᠤᠨ ᠬᠤᠷᠳᠤᠨ ᠬᠥᠭᠵᠢᠭᠦᠯᠦᠭᠰᠡᠨ ᠭᠡᠵᠡᠢ

ᠣᠯᠠᠨ ᠤᠯᠤᠰ ᠤᠨ ᠰᠠᠭᠰᠤᠨ ᠪᠥᠮᠪᠥᠭᠡ ᠶᠢᠨ ᠬᠣᠯᠪᠣᠭᠠᠨ ᠤ 3×3 ᠳᠡᠯᠡᠬᠡᠢ ᠶᠢᠨ ᠴᠢᠨᠰᠠᠭ᠎ᠠ 2021 ᠣᠨ ᠤ ᠶᠢᠰᠦᠳᠦᠭᠡᠷ ᠰᠠᠷ᠎ᠠ ᠶᠢᠨ 18 ᠤ ᠡᠳᠦᠷ ᠰᠢᠨᠡᠴᠢᠯᠡᠭᠳᠡᠵᠦ᠂ ᠮᠣᠩᠭᠣᠯ ᠤᠯᠤᠰ ᠤᠨ ᠪᠠᠭ ᠨᠢᠭᠡ ᠪᠡᠷ ᠲᠡᠷᠢᠭᠦᠯᠡᠵᠦ ᠡᠬᠢᠯᠡᠭᠰᠡᠨ ᠪᠠᠬᠠᠷᠬᠠᠯ ᠲᠠᠢ ᠮᠡᠳᠡᠭᠡ ᠶᠢ FIBA ᠵᠠᠷᠯᠠᠭᠰᠠᠨ ᠪᠢᠯᠡ᠃ ᠲᠡᠭᠡᠪᠡᠯ FIBA ᠤᠨ ᠳᠥᠷᠪᠡᠨ ᠵᠢᠯ ᠦᠨ ᠲᠠᠢᠯᠤᠨ ᠤ ᠬᠤᠷᠠᠯ ᠢᠶᠠᠷ ᠮᠣᠩᠭᠣᠯ ᠤᠯᠤᠰ《3 x 3 ᠰᠠᠭᠰᠤᠨ ᠪᠥᠮᠪᠥᠭᠡ ᠶᠢᠨ ᠲᠥᠷᠥᠯ ᠢ ᠬᠠᠮᠤᠭ ᠤᠨ ᠬᠤᠷᠳᠤᠨ ᠬᠥᠭᠵᠢᠭᠦᠯᠦᠭᠰᠡᠨ》ᠣᠷᠣᠨ ᠢᠶᠠᠷ ᠰᠢᠯᠭᠠᠷᠠᠵᠤ᠂ ᠴᠣᠮᠣ ᠠᠪᠤᠭᠰᠠᠨ ᠲᠠᠯ᠎ᠠ ᠪᠠᠷ ᠳᠠᠰᠬᠠᠯᠵᠢᠭᠤᠯᠤᠭᠴᠢ ᠰ∙ᠲᠤᠯᠭ᠎ᠠ ᠥᠪᠡᠷ ᠦᠨ ᠴᠠᠬᠢᠮ ᠬᠠᠭᠤᠳᠠᠰᠤ ᠪᠠᠷ ᠢᠶᠠᠨ ᠳᠠᠮᠵᠢᠭᠤᠯᠤᠨ ᠮᠡᠳᠡᠭᠡᠯᠡᠵᠡᠢ᠃
ᠲᠡᠷᠡᠪᠡᠷ᠄ ᠣᠳᠣ ᠴᠠᠭ ᠲᠤ ᠮᠣᠩᠭᠣᠯ ᠥᠬᠢᠳ ᠴᠢᠨᠰᠠᠭᠠᠨ ᠤ ᠣᠨᠣᠭ᠎ᠠ ᠪᠠᠷ ᠳᠡᠯᠡᠬᠡᠢ ᠳᠦ ᠨᠢᠭᠡᠳᠦᠭᠡᠷ ᠪᠠᠶᠢᠷᠢᠨ ᠳᠤ ᠣᠷᠣᠵᠤ ᠢᠷᠡᠭᠰᠡᠨ ᠴᠠᠭ ᠦᠶ᠎ᠡ ᠳᠦ ᠬᠠᠮᠲᠤ ᠳᠤ ᠪᠠᠨ ᠠᠮᠢᠳᠤᠷᠠᠨ ᠰᠠᠭᠤᠵᠤ ᠪᠠᠶᠢᠨ᠎ᠠ ᠰᠢᠦ᠃ ᠪᠢᠳᠡ ᠪᠦᠭᠦᠳᠡ ᠶᠢ ᠳᠡᠮᠵᠢᠳᠡᠭ ᠨᠡᠶᠢᠲᠡ ᠮᠣᠩᠭᠣᠯᠴᠤᠳ ᠲᠤ ᠪᠠᠨ ᠪᠠᠶᠠᠷᠯᠠᠯ᠎ᠠ᠃ ᠢᠷᠡᠭᠡᠳᠦᠢ ᠳᠦ ᠭᠠᠷᠬᠤ ᠲᠣᠮᠣ ᠲᠣᠮᠣ ᠠᠮᠵᠢᠯᠲᠠ ᠨᠤᠭᠤᠳ ᠪᠢᠳᠡ ᠪᠦᠭᠦᠳᠡ ᠶᠢ ᠬᠦᠯᠢᠶᠡᠵᠦ ᠪᠠᠶᠢᠨ᠎ᠠ ᠭᠡᠵᠡᠢ᠃

ᠰᠡᠳᠬᠢᠭᠳᠡᠯ ᠦᠯᠡᠳᠡᠭᠡᠬᠦ