ᠤᠯᠠᠭᠠᠨᠪᠠᠭᠠᠲᠤᠷ ᠲᠤ ᠰᠸᠸᠳ᠋ᠸᠨ ᠦ ᠸᠢᠰᠠ ᠮᠡᠳᠡᠭᠦᠯᠭᠡ ᠶᠢᠨ ᠲᠥᠪ ᠨᠡᠭᠡᠭᠡᠭᠳᠡᠵᠡᠢ | News.MN

ᠤᠯᠠᠭᠠᠨᠪᠠᠭᠠᠲᠤᠷ ᠲᠤ ᠰᠸᠸᠳ᠋ᠸᠨ ᠦ ᠸᠢᠰᠠ ᠮᠡᠳᠡᠭᠦᠯᠭᠡ ᠶᠢᠨ ᠲᠥᠪ ᠨᠡᠭᠡᠭᠡᠭᠳᠡᠵᠡᠢ

ᠰᠸᠸᠳ᠋ᠸᠨ ᠤᠯᠤᠰ ᠲᠤ ᠪᠣᠭᠣᠨᠢ ᠬᠤᠭᠤᠴᠠᠭ᠎ᠠ ᠪᠠᠷ ᠪᠤᠶᠤ C ᠠᠩᠭᠢᠯᠠᠯ ᠤᠨ 90 ᠬᠦᠷᠲᠡᠯ᠎ᠡ ᠬᠣᠨᠣᠭ ᠵᠣᠷᠴᠢᠬᠤ ᠱᠧᠩᠭᠧᠨ ᠦ ᠸᠢᠰᠠ ᠶᠢᠨ ᠮᠡᠳᠡᠭᠦᠯᠭᠡ ᠶᠢ ᠤᠯᠠᠭᠠᠨᠪᠠᠭᠠᠲᠤᠷ ᠳᠠᠬᠢ VFS Global ᠸᠢᠰᠠ ᠮᠡᠳᠡᠭᠦᠯᠭᠡ ᠶᠢᠨ ᠲᠥᠪ ᠢᠶᠡᠷ ᠳᠠᠮᠵᠢᠭᠤᠯᠤᠨ ᠡᠨᠡ ᠰᠠᠷ᠎ᠠ ᠶᠢᠨ 20 ᠡᠴᠡ ᠡᠬᠢᠯᠡᠨ ᠬᠦᠯᠢᠶᠡᠨ ᠠᠪᠬᠤ ᠪᠠᠷ ᠪᠣᠯᠤᠭᠰᠠᠨ ᠪᠠᠶᠢᠨ᠎ᠠ᠃
VFS Global ᠸᠢᠰᠠ ᠮᠡᠳᠡᠭᠦᠯᠭᠡ ᠶᠢᠨ ᠲᠥᠪ ᠨᠢ DHL ᠦᠨ ᠲᠥᠪ ᠪᠠᠶᠢᠷᠢᠨ ᠤ ᠬᠤᠶᠠᠳᠤᠭᠠᠷ ᠳᠠᠪᠬᠤᠷ ᠲᠤ ᠪᠠᠶᠢᠷᠢᠯᠠᠬᠤ ᠪᠠ ᠳᠡᠯᠭᠡᠷᠡᠩᠭᠦᠢ ᠮᠡᠳᠡᠭᠡᠯᠡᠯ ᠢ 70100152 ᠳ᠋ᠤᠭᠠᠷ ᠤᠨ ᠤᠲᠠᠰᠤ ᠪᠠᠷ ᠪᠣᠯᠤᠨ visa.vfsglobal.com/mng/mn/swe ᠴᠠᠬᠢᠮ ᠬᠠᠭᠤᠳᠠᠰᠤᠨ ᠠᠴᠠ ᠠᠪᠬᠤ ᠪᠣᠯᠤᠮᠵᠢ ᠲᠠᠢ ᠭᠡᠵᠦ ᠭᠠᠳᠠᠭᠠᠳᠤ ᠬᠠᠷᠢᠯᠴᠠᠭᠠᠨ ᠤ ᠶᠠᠮᠤᠨ ᠤ ᠺᠤᠨᠰᠦ᠋ᠯ ᠤᠨ ᠠᠯᠪᠠᠨ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ