ᠫᠯᠠᠴᠢᠳᠤ᠋ ᠳ᠋ᠤᠮᠢᠩᠭᠤᠨ ᠨᠡᠷᠡᠮᠵᠢᠲᠦ ᠲᠡᠮᠡᠴᠡᠭᠡᠨ ᠦ ᠡᠴᠦᠰ ᠦᠨ ᠱᠠᠲᠤᠨ ᠳᠤ ᠡ᠊ ∙ ᠸᠴᠢᠷᠰᠠᠢᠬᠠᠨ ᠲᠡᠩᠴᠡᠵᠡᠢ | News.MN

ᠫᠯᠠᠴᠢᠳᠤ᠋ ᠳ᠋ᠤᠮᠢᠩᠭᠤᠨ ᠨᠡᠷᠡᠮᠵᠢᠲᠦ ᠲᠡᠮᠡᠴᠡᠭᠡᠨ ᠦ ᠡᠴᠦᠰ ᠦᠨ ᠱᠠᠲᠤᠨ ᠳᠤ ᠡ᠊ ∙ ᠸᠴᠢᠷᠰᠠᠢᠬᠠᠨ ᠲᠡᠩᠴᠡᠵᠡᠢ

ᠳᠠᠭᠤᠴᠢᠨ ᠡ᠊∙ᠸᠴᠢᠷᠰᠠᠢᠬᠠᠨ ᠳᠡᠯᠡᠬᠡᠢ ᠶᠢᠨ A ᠵᠡᠷᠭᠡᠯᠡᠯ ᠦᠨ ᠲᠣᠮᠣᠬᠠᠨ ᠲᠡᠮᠡᠴᠡᠭᠡᠨ ᠨᠦᠭᠦᠳ ᠦᠨ ᠨᠢᠭᠡ ᠫᠯᠠᠴᠢᠳᠤ᠋ ᠳ᠋ᠤᠮᠢᠩᠭᠤᠨ ᠨᠡᠷᠡᠮᠵᠢᠲᠦ The Placido Domingo’sOperalia ᠮᠡᠷᠭᠡᠵᠢᠯ ᠦᠨ ᠳᠠᠭᠤᠷᠢ ᠶᠢᠨ ᠳᠠᠭᠤᠯᠠᠭᠠᠴᠢᠳ ᠤᠨ ᠤᠷᠤᠯᠳᠤᠭᠠᠨ ᠤ ᠡᠴᠦᠰ ᠦᠨ ᠱᠠᠲᠤᠨ ᠳᠤ ᠲᠡᠩᠴᠡᠵᠦ᠂ ᠡᠴᠦᠰ ᠦᠨ ᠱᠠᠲᠤᠨ ᠤ ᠰᠢᠯᠭᠠᠷᠠᠭᠤᠯᠤᠯᠲᠠ ᠳᠤ ᠣᠷᠣᠯᠴᠠᠬᠤ ᠪᠠᠷ ᠡᠷᠬᠡ ᠪᠡᠨ ᠠᠪᠤᠭᠰᠠᠨ ᠪᠠᠶᠢᠨ᠎ᠠ᠃ ᠰᠢᠯᠭᠠᠷᠠᠭᠤᠯᠤᠯᠲᠠ ᠢᠷᠡᠬᠦ ᠠᠷᠪᠠᠳᠤᠭᠠᠷ ᠰᠠᠷ᠎ᠠ ᠳᠤ ᠮᠣᠰᠺᠸᠠ ᠳᠦ ᠪᠣᠯᠬᠤ ᠠᠵᠠᠢ᠃
ᠫᠯᠠᠴᠢᠳᠤ᠋ ᠳ᠋ᠤᠮᠢᠩᠭᠤᠨ ᠨᠡᠷᠡᠮᠵᠢᠲᠦ ᠤᠷᠤᠯᠳᠤᠭᠠᠨ 20 ᠭᠠᠷᠤᠢ ᠵᠢᠯ ᠦᠨ ᠲᠡᠦᠬᠡ ᠲᠡᠢ᠂ ᠳᠡᠯᠡᠬᠡᠢ ᠶᠢᠨ ᠳᠠᠭᠤᠷᠢ ᠶᠢᠨ ᠳᠠᠭᠤᠯᠠᠭᠠᠴᠢᠳ ᠤᠨ ᠳᠤᠮᠳᠠ ᠵᠣᠬᠢᠶᠠᠭᠳᠠᠳᠠᠭ ᠲᠣᠮᠣᠬᠠᠨ ᠬᠡᠮᠵᠢᠶᠡᠨ ᠦ ᠤᠷᠤᠯᠳᠤᠭᠠᠨ ᠶᠤᠮ᠃ ᠡᠨᠡ ᠤᠷᠤᠯᠳᠤᠭᠠᠨ ᠢᠶᠠᠷ 18-32 ᠨᠠᠰᠤᠲᠠᠢ ᠳᠠᠭᠤᠷᠢ ᠶᠢᠨ ᠤᠷᠠᠯᠢᠭ ᠲᠤ ᠬᠦᠴᠦ ᠰᠣᠷᠢᠵᠤ ᠪᠠᠶᠢᠭ᠎ᠠ ᠵᠠᠯᠠᠭᠤ ᠤᠷᠠᠨ ᠪᠦᠲᠦᠭᠡᠯᠴᠢᠳ ᠢ ᠨᠡᠭᠡᠭᠡᠵᠦ᠂ ᠲᠡᠳᠡᠨ ᠳᠦ ᠥᠪᠡᠷ ᠦᠨ ᠮᠡᠷᠭᠡᠵᠢᠯ ᠢᠶᠡᠷ ᠢᠶᠡᠨ ᠠᠬᠢᠵᠤ᠂ ᠠᠮᠵᠢᠯᠲᠠ ᠭᠠᠷᠭᠠᠬᠤ ᠪᠣᠯᠤᠮᠵᠢ ᠶᠢ ᠣᠯᠭᠤᠳᠠᠭ ᠪᠠᠶᠢᠨ᠎ᠠ᠃

ᠰᠡᠳᠬᠢᠭᠳᠡᠯ ᠦᠯᠡᠳᠡᠭᠡᠬᠦ