ᠮᠣᠩᠭᠣᠯ ᠤᠨ ᠰᠢᠲᠠᠷᠠᠴᠢᠨ ᠧᠦ᠋ᠷᠣᠫᠠ ᠶᠢᠨ ᠣᠯᠠᠨ ᠤᠯᠤᠰ ᠤᠨ ᠲᠡᠮᠡᠴᠡᠭᠡᠨ ᠳᠦ ᠲᠦᠷᠦᠭᠦᠯᠡᠪᠡ | News.MN

ᠮᠣᠩᠭᠣᠯ ᠤᠨ ᠰᠢᠲᠠᠷᠠᠴᠢᠨ ᠧᠦ᠋ᠷᠣᠫᠠ ᠶᠢᠨ ᠣᠯᠠᠨ ᠤᠯᠤᠰ ᠤᠨ ᠲᠡᠮᠡᠴᠡᠭᠡᠨ ᠳᠦ ᠲᠦᠷᠦᠭᠦᠯᠡᠪᠡ

ᠮᠣᠩᠭᠣᠯ ᠤᠯᠤᠰ ᠤᠨ ᠰᠣᠨᠢᠷᠬᠠᠭᠴᠢᠳ ᠤᠨᠰᠢᠲᠠᠷ᠎ᠠ ᠶᠢᠨ ᠳᠡᠳ᠋ ᠠᠪᠤᠷᠭᠤ ᠺ∙ᠵᠠᠩᠨᠤᠷ ᠨᠢ 1959 ᠣᠨ ᠳᠤ ᠡᠭᠦᠰᠬᠡᠨ ᠪᠠᠶᠢᠭᠤᠯᠤᠭᠳᠠᠭᠰᠠᠨ ᠹᠷᠠᠨᠼᠢ ᠶᠢᠨ ᠠᠯᠳᠠᠷᠲᠤ Europe Echecs ᠺᠯᠦ᠋ᠫ ᠦᠨ ᠵᠣᠬᠢᠶᠠᠨ ᠪᠠᠶᠢᠭᠤᠯᠤᠭᠰᠠᠨ ᠣᠯᠠᠨ ᠤᠯᠤᠰ ᠤᠨ ᠨᠡᠭᠡᠭᠡᠯᠲᠡ ᠲᠡᠢ ᠲᠦᠷᠭᠡᠨ ᠲᠣᠭᠯᠠᠯᠲᠠ ᠶᠢᠨ ᠤᠨᠯᠠᠢᠨ ᠲᠡᠮᠡᠴᠡᠭᠡᠨ ᠳᠦ ᠠᠮᠵᠢᠯᠲᠠᠲᠠᠢ ᠣᠷᠣᠯᠴᠠᠵᠤ᠂  ᠲᠡᠷᠢᠭᠦᠨ ᠪᠠᠶᠢᠷᠢ ᠡᠵᠡᠯᠡᠵᠡᠢ᠃
ᠲᠡᠷᠡ ᠤᠭ ᠠᠮᠵᠢᠯᠲᠠ ᠪᠠᠷ ᠢᠶᠠᠨ ᠪᠦᠲᠦᠨ ᠵᠢᠯ ᠧᠦ᠋ᠷᠣᠫᠠ ᠶᠢᠨ ᠰᠢᠲᠠᠷ᠎ᠠ ᠶᠢᠨ ᠰᠤᠷᠭᠠᠯᠲᠠ ᠶᠢᠨ ᠫᠯᠠᠲ᠋ᠹᠣᠷᠮ ᠢ ᠦᠨ᠎ᠡ ᠦᠭᠡᠢ ᠬᠡᠷᠡᠭᠯᠡᠬᠦ ᠡᠷᠬᠡ ᠪᠡᠷ ᠱᠠᠩᠨᠠᠭᠳᠠᠭᠰᠠᠨ ᠪᠠᠶᠢᠨ᠎ᠠ᠃ ᠲᠤᠰ ᠲᠡᠮᠡᠴᠡᠭᠡᠨ ᠳᠦ 109 ᠰᠢᠲᠠᠷᠠᠴᠢᠳ ᠣᠷᠣᠯᠴᠠᠭᠰᠠᠨ  ᠪᠦᠭᠡᠳ ᠮᠠᠨ ᠤ ᠰᠢᠲᠠᠷᠠᠴᠢᠨ  ᠥᠪᠡᠷ ᠡᠴᠡ ᠪᠡᠨ ᠴᠢᠨᠰᠠᠭ᠎ᠠ ᠥᠨᠳᠥᠷ ᠬᠠᠰᠠᠺᠰᠲ᠋ᠠᠨ ᠤᠯᠤᠰ ᠤᠨ ᠶᠡᠬᠡ ᠮᠠᠰᠲ᠋ᠸᠷ ᠢ ᠬᠣᠵᠢᠭᠰᠠᠨ ᠠᠮᠵᠢᠯᠲᠠ ᠭᠠᠷᠭᠠᠯ᠎ᠠ ᠭᠡᠵᠦ ᠮᠣᠩᠭᠣᠯ ᠤᠨ ᠰᠢᠲᠠᠷ᠎ᠠ ᠶᠢᠨ ᠬᠣᠯᠪᠣᠭᠠᠨ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ