ᠪ∙ᠫᠦᠷᠪᠦᠳᠣᠷᠵᠢ《ᠣᠳᠣ ᠪᠣᠯᠤᠯ᠎ᠠ》ᠵᠢᠭᠰᠠᠭᠠᠯ ᠵᠣᠬᠢᠶᠠᠨ ᠪᠠᠢᠭᠤᠯᠤᠨ᠎ᠠ | News.MN

ᠪ∙ᠫᠦᠷᠪᠦᠳᠣᠷᠵᠢ《ᠣᠳᠣ ᠪᠣᠯᠤᠯ᠎ᠠ》ᠵᠢᠭᠰᠠᠭᠠᠯ ᠵᠣᠬᠢᠶᠠᠨ ᠪᠠᠢᠭᠤᠯᠤᠨ᠎ᠠ

ᠤᠯᠤᠰ ᠤᠨ ᠶᠡᠬᠡ ᠬᠤᠷᠠᠯ ᠤᠨ ᠠᠷᠠᠳᠴᠢᠯᠠᠭᠰᠠᠨ ᠨᠠᠮ ᠤᠨ ᠪᠦᠯᠦᠭ ᠦᠨ ᠭᠡᠰᠢᠭᠦᠳ ᠥᠨᠥᠳᠥᠷ︵09.23︶ᠮᠡᠳᠡᠭᠡᠯᠡᠯ ᠬᠢᠵᠦ᠂ ᠤᠯᠤᠰ ᠤᠨ ᠶᠡᠬᠡ ᠬᠤᠷᠠᠯ ᠤᠨ ᠡᠭᠡᠯᠵᠢᠲᠦ ᠪᠤᠰᠤ ᠴᠢᠭᠤᠯᠭᠠᠨ ᠢ ᠶᠠᠭᠠᠷᠠᠯᠲᠠᠢ ᠬᠤᠷᠠᠯᠳᠤᠭᠤᠯᠬᠤ᠂ ᠶᠡᠷᠦᠩᠬᠡᠢ ᠰᠠᠶᠢᠳ ᠯ∙ᠤᠶᠤᠡᠡᠷᠳᠡᠨᠢ ᠶᠢ ᠬᠠᠷᠢᠭᠤᠴᠠᠯᠭ᠎ᠠ ᠬᠦᠯᠢᠶᠡᠬᠦ᠂ ᠶᠡᠷᠦᠩᠬᠡᠶᠢᠯᠡᠭᠴᠢ ᠤ᠊ ∙ᠬᠦᠷᠡᠯᠰᠦ᠋ᠬᠡ ᠶᠢ ᠠᠷᠠᠳ ᠲᠦᠮᠡᠨ ᠡᠴᠡ ᠪᠡᠨ ᠠᠭᠤᠴᠢᠯᠠᠯᠲᠠ ᠭᠤᠶᠤᠬᠤ ᠶᠢ  ᠱᠠᠭᠠᠷᠳᠠᠭᠠᠳ᠂ ᠤᠯᠤᠰ ᠤᠨ ᠶᠡᠬᠡ ᠬᠤᠷᠠᠯ  ᠦᠨ ᠭᠡᠰᠢᠭᠦᠨ ᠪ ∙ ᠫᠦᠷᠪᠦᠳᠣᠷᠵᠢ ᠵᠢᠭᠰᠠᠭᠠᠯ ᠵᠣᠬᠢᠶᠠᠨ ᠪᠠᠶᠢᠭᠤᠯᠤᠨ᠎ᠠ ᠭᠡᠳᠡᠭ ᠢᠶᠡᠨ ᠮᠡᠳᠡᠭᠳᠡᠭᠰᠡᠨ ᠶᠤᠮ᠃
ᠲᠡᠷᠡᠪᠡᠷ ᠨᠡᠶᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠶᠢᠨ ᠵᠠᠬᠢᠷᠤᠭᠴᠢ ᠳ ∙ᠰᠤᠮᠢᠶᠠᠪᠠᠽᠠᠷ ᠲᠤ ᠵᠢᠭᠰᠠᠭᠠᠯ ᠵᠣᠬᠢᠶᠠᠨ ᠪᠠᠶᠢᠭᠤᠯᠬᠤ ᠪᠠᠨ ᠮᠡᠳᠡᠭᠳᠡᠵᠦ᠂ ᠠᠯᠪᠠᠨ ᠪᠢᠴᠢᠭ ᠢᠯᠡᠭᠡᠵᠡᠢ᠃ ᠤᠭ ᠠᠯᠪᠠᠨ ᠪᠢᠴᠢᠭ ᠲᠦ᠄ 2021 ᠣᠨ ᠤ ᠠᠷᠪᠠᠳᠤᠭᠠᠷ ᠰᠠᠷ᠎ᠠ ᠶᠢᠨ ᠨᠢᠭᠡᠨ ᠤ ᠡᠳᠦᠷ ᠰᠦᠬᠡᠪᠠᠭᠠᠲᠤᠷ ᠤᠨ ᠲᠠᠯᠠᠪᠠᠢ ᠳᠤ 《ᠣᠳᠣ ᠪᠣᠯᠤᠯ᠎ᠠ》ᠨᠡᠷ᠎ᠡ ᠲᠡᠢ ᠵᠢᠭᠰᠠᠭᠠᠯ ᠵᠣᠬᠢᠶᠠᠨ ᠪᠠᠶᠢᠭᠤᠯᠤᠨ᠎ᠠ᠃ ᠬᠠᠯᠳᠠᠪᠤᠷᠢ ᠬᠠᠮᠠᠭᠠᠯᠠᠯ ᠤᠨ ᠳᠢᠭᠯᠢᠮ ᠢᠶᠡᠨ ᠰᠠᠬᠢᠨ ᠠᠵᠢᠯᠯᠠᠬᠤ ᠪᠠᠨ ᠮᠡᠳᠡᠭᠳᠡᠵᠦ ᠪᠠᠶᠢᠨ᠎ᠠ ᠭᠡᠵᠡᠢ᠃

ᠰᠡᠳᠬᠢᠭᠳᠡᠯ ᠦᠯᠡᠳᠡᠭᠡᠬᠦ