ᠳᠠᠬᠢᠨ ᠬᠣᠶᠠᠷ ᠲᠠᠮᠢᠷᠴᠢᠨ ᠵᠣᠳᠣᠯᠳᠤᠪᠠ | News.MN

ᠳᠠᠬᠢᠨ ᠬᠣᠶᠠᠷ ᠲᠠᠮᠢᠷᠴᠢᠨ ᠵᠣᠳᠣᠯᠳᠤᠪᠠ

ᠥᠩᠭᠡᠷᠡᠭᠰᠡᠨ ᠬᠣᠶᠠᠷ ᠳᠣᠯᠣᠭ᠎ᠠ ᠬᠣᠨᠣᠭ ᠤᠨ ᠬᠠᠮᠤᠭ ᠤᠨ ᠡᠷᠢᠯᠲᠡ ᠲᠡᠢ ᠮᠡᠳᠡᠭᠡᠯᠡᠯ ᠦᠨ ᠰᠡᠳᠦᠪ ᠪᠣᠯ ᠡ᠊ ∙ ᠴᠡᠨᠳᠡᠪᠠᠭᠠᠲᠤᠷ ᠵᠣᠳᠣᠭᠠᠨ ᠤ ᠠᠰᠠᠭᠤᠳᠠᠯ ᠠᠴᠠ ᠪᠣᠯᠵᠤ ᠮᠣᠩᠭᠣᠯ ᠤᠨ ᠪᠣᠺᠰ ᠤᠨ ᠬᠣᠯᠪᠣᠭᠠᠨ ᠠᠴᠠ ᠬᠥᠭᠡᠭᠡᠭᠳᠡᠵᠦ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠣᠷᠣᠵᠤ ᠴᠢᠳᠠᠬᠤ ᠪᠠᠷ ᠦᠭᠡᠢ ᠪᠣᠯᠤᠭᠰᠠᠨ ᠦᠢᠯᠡ ᠶᠠᠪᠤᠳᠠᠯ ᠪᠠᠶᠢᠭᠰᠠᠨ᠃ ᠲᠡᠭᠡᠪᠡᠯ ᠮᠥᠨ ᠥᠩᠭᠡᠷᠡᠭᠰᠡᠨ ᠪᠢᠮᠪᠠ ᠭᠠᠷᠠᠭ ︵2021.09.18︶ ᠲᠤ《ᠰᠢᠷᠢᠨ ᠪᠡᠭᠡᠯᠡᠢ  ᠺᠯᠦ᠋ᠫ》᠂Zorky MMAᠪᠠᠭ ᠤᠨ ᠬᠣᠯᠢᠮᠠᠭ ᠲᠤᠯᠤᠭᠠᠨᠴᠢ ᠽ ∙  ᠰᠢᠨᠠᠴᠢᠭᠳᠠᠭ᠎ᠠ ᠪᠣᠯᠤᠨ ᠣᠯᠢᠮᠫ ᠤᠨ ᠮᠥᠩᠭᠥᠨ ᠮᠸᠳᠠᠯᠲᠤ ᠪᠣᠺᠰᠴᠢᠨ ᠨ∙ᠲᠡᠭᠦᠰᠴᠤᠭᠲᠤ ᠨᠢᠭᠡᠨ ᠪᠠᠭᠠᠷ ᠤᠨ ᠭᠠᠳᠠᠨ᠎ᠠ ᠬᠣᠭᠣᠷᠣᠨᠳᠣ ᠪᠠᠨ ᠵᠣᠳᠣᠯᠳᠤᠭᠰᠠᠨ ᠬᠡᠷᠡᠭ ᠭᠠᠷᠴᠠᠢ᠃  ᠡᠬᠢ ᠰᠤᠷᠪᠤᠯᠵᠢ ᠶᠢᠨ ᠮᠡᠳᠡᠭᠡᠯᠡᠵᠦ ᠪᠤᠢ ᠪᠠᠷ᠄ ᠲᠡᠳᠡ ᠬᠣᠶᠠᠭᠤᠯᠠ ᠰᠣᠭᠲᠣᠭᠤᠷᠠᠭᠤᠯᠬᠤ ᠤᠮᠳᠠᠭᠠᠨ ᠤ ᠵᠦᠢᠯ ᠬᠡᠷᠡᠭᠯᠡᠭᠰᠡᠨ ᠪᠠᠶᠢᠭᠰᠠᠨ ᠪᠠ ᠽ∙ᠰᠢᠨᠠᠴᠢᠭᠳᠠᠭ᠎ᠠ ᠨᠢ ᠨ∙ᠲᠡᠭᠦᠰᠦᠴᠣᠭᠲᠤ ᠶᠢ ᠨᠡᠯᠢᠶᠡᠳ ᠦᠭᠡᠢ ᠵᠣᠳᠣᠭᠰᠠᠨ ᠭᠡᠰᠡᠨ ᠪᠠᠶᠢᠨ᠎ᠠ᠃
ᠡᠨᠡ ᠬᠦ ᠦᠢᠯᠡ ᠶᠠᠪᠤᠳᠠᠯ ᠢᠷᠭᠡᠳ ᠢ ᠨᠡᠯᠢᠶᠡᠳ ᠦᠭᠡᠢ ᠪᠤᠬᠢᠨᠢᠳᠤᠭᠤᠯᠵᠤ ᠪᠠᠶᠢᠭ᠎ᠠ ᠲᠡᠳᠦᠢ ᠦᠭᠡᠢ᠂ ᠡᠨᠡ ᠮᠡᠲᠦ ᠦᠢᠯᠡᠳᠦᠯ ᠭᠠᠷᠭᠠᠵᠤ ᠪᠤᠢ ᠶᠠᠪᠤᠳᠠᠯ ᠨᠢ ᠲᠠᠮᠢᠷᠴᠢᠳ ᠤᠨ ᠴᠢᠨᠠᠭᠰᠢᠳᠠ ᠶᠢᠨ ᠠᠮᠵᠢᠯᠲᠠᠨ ᠳᠤ ᠬᠡᠷᠬᠢᠨ ᠨᠥᠯᠦᠭᠡᠯᠡᠵᠦ ᠪᠠᠶᠢᠭ᠎ᠠ ᠲᠠᠯ᠎ᠠ ᠪᠠᠷ ᠡ᠊∙ᠴᠡᠨᠳᠡᠪᠠᠭᠠᠲᠤᠷ ᠤᠨ ᠠᠰᠠᠭᠤᠳᠠᠯ ᠠᠴᠠ ᠰᠤᠷᠭᠠᠮᠵᠢ ᠠᠪᠤᠭ᠎ᠠ ᠦᠭᠡᠢ ᠨᠢ ᠬᠠᠷᠠᠭᠳᠠᠵᠤ ᠪᠠᠶᠢᠨ᠎ᠠ ᠭᠡᠵᠦ ᠴᠠᠬᠢᠮ ᠤᠷᠴᠢᠨ ᠳᠤ ᠰᠢᠭᠦᠮᠵᠢᠯᠡᠵᠡᠢ᠃

ᠰᠡᠳᠬᠢᠭᠳᠡᠯ ᠦᠯᠡᠳᠡᠭᠡᠬᠦ