ᠭᠤᠷᠪᠠᠨ ᠬᠦᠮᠦᠨ ᠲᠤᠲᠤᠮ ᠤᠨ ᠨᠢᠭᠡ ᠨᠢ ᠬᠠᠯᠳᠠᠪᠤᠷᠢ ᠳᠦ ᠥᠷᠲᠦᠭᠰᠡᠨ ᠪᠠᠶᠢᠨ᠎ᠠ | News.MN

ᠭᠤᠷᠪᠠᠨ ᠬᠦᠮᠦᠨ ᠲᠤᠲᠤᠮ ᠤᠨ ᠨᠢᠭᠡ ᠨᠢ ᠬᠠᠯᠳᠠᠪᠤᠷᠢ ᠳᠦ ᠥᠷᠲᠦᠭᠰᠡᠨ ᠪᠠᠶᠢᠨ᠎ᠠ

ᠠᠷᠪᠠᠳᠤᠭᠠᠷ ᠰᠠᠷ᠎ᠠ ᠶᠢᠨ ᠨᠢᠭᠡᠨ ᠦ ᠡᠳᠦᠷ ᠡᠴᠡ ᠡᠬᠢᠯᠡᠨ ᠨᠡᠶᠢᠰᠯᠡᠯ ᠬᠣᠲᠠ ᠶᠢᠨ ᠬᠡᠮᠵᠢᠶᠡᠨ ᠳᠦ ᠰᠤᠶᠤᠯ ᠤᠷᠠᠯᠢᠭ ᠤᠨ ᠪᠦᠬᠦᠢ ᠯᠠ ᠦᠵᠡᠪᠦᠷᠢ᠂ ᠦᠢᠯᠡᠴᠢᠯᠡᠭᠡ ᠶᠢ ᠨᠡᠭᠡᠭᠡᠬᠦ ᠶᠢᠨ ᠳᠡᠭᠡᠷ᠎ᠡ ᠦᠢᠯᠡ ᠠᠵᠢᠯᠯᠠᠭ᠎ᠠ ᠶᠢ ᠨᠢ ᠬᠢᠵᠠᠭᠠᠷᠯᠠᠭᠠᠳ ᠪᠠᠶᠢᠭᠰᠠᠨ ᠵᠠᠷᠢᠮ ᠦᠢᠯᠡᠴᠢᠯᠡᠭᠡ ᠶᠢ 50 ᠬᠦᠷᠲᠡᠯᠡᠬᠢ ᠬᠤᠪᠢ ᠶᠢᠨ ᠬᠦᠴᠦᠨ ᠴᠢᠳᠠᠯ ᠲᠠᠢ ᠪᠠᠷ ᠠᠵᠢᠯᠯᠠᠭᠤᠯᠬᠤ ᠪᠠᠷ ᠪᠣᠯᠤᠭᠰᠠᠨ᠃ ᠲᠡᠭᠡᠪᠡᠯ ᠨᠡᠢᠭᠡᠮ ᠦᠨ ᠡᠷᠡᠭᠦᠯ ᠮᠡᠨᠳᠦ ᠶᠢᠨ ᠦᠨᠳᠦᠰᠦᠨ ᠦ ᠲᠦᠪ ᠦᠨ ᠠᠨᠠᠭᠠᠬᠤ ᠤᠬᠠᠭᠠᠨ ᠤ ᠳ᠋ᠣᠺᠲ᠋ᠣᠷ ᠪ∙ᠰᠤᠪᠤᠳ《ᠡᠳᠦᠷ ᠦᠨ ᠰᠣᠨᠢᠨ》  ᠳᠦ ᠥᠭᠭᠦᠭᠰᠡᠨ ᠶᠠᠷᠢᠯᠴᠠᠯᠭ᠎ᠠ ᠪᠠᠷ ᠢᠶᠠᠨ ᠣᠯᠠᠨ ᠨᠡᠶᠢᠲᠡ ᠶᠢ ᠬᠠᠮᠤᠷᠤᠭᠰᠠᠨ ᠦᠢᠯᠡ ᠠᠵᠢᠯᠯᠠᠭ᠎ᠠ ᠶᠢ ᠵᠣᠭᠰᠣᠭᠠᠬᠤ ᠦᠭᠡᠢ ᠪᠣᠯ ᠨᠥᠬᠥᠴᠡᠯ ᠪᠠᠶᠢᠳᠠᠯ ᠬᠦᠨᠳᠦᠷᠡᠬᠦ ᠡᠷᠡᠰᠳᠡᠯ ᠲᠡᠢ ᠶᠢ ᠠᠩᠬᠠᠷᠤᠭᠤᠯᠵᠠᠢ᠃
ᠲᠡᠷᠡᠪᠡᠷ᠄ ᠨᠢᠭᠡ ᠬᠠᠯᠳᠠᠪᠤᠷᠢ ᠲᠠᠢ ᠬᠦᠮᠦᠨ ᠦ ᠠᠷᠤ ᠳᠤ 3-4 ᠬᠦᠮᠦᠨ ᠡᠪᠡᠳᠦᠭᠰᠡᠨ ᠪᠠᠶᠢᠭ᠎ᠠ ᠭᠡᠵᠦ ᠦᠵᠡᠪᠡᠯ ᠮᠣᠩᠭᠣᠯ ᠤᠯᠤᠰ ᠤᠨ ᠭᠤᠷᠪᠠᠨ ᠬᠦᠮᠦᠨ ᠲᠤᠲᠤᠮ ᠤᠨ ᠨᠢᠭᠡ ᠨᠢ ᠬᠠᠯᠳᠠᠪᠤᠷᠢ ᠳᠤ ᠥᠷᠲᠦᠭᠰᠡᠨ ᠪᠠᠶᠢᠨ᠎ᠠ᠃ ᠣᠯᠠᠨ ᠨᠡᠶᠢᠲᠡ ᠶᠢ ᠬᠠᠮᠤᠷᠤᠭᠤᠯᠤᠭᠰᠠᠨ ᠦᠢᠯᠡ ᠠᠵᠢᠯᠯᠠᠭ᠎ᠠ ᠪᠠᠨ ᠵᠣᠭᠰᠣᠭᠠᠬᠤ ᠦᠭᠡᠢ ᠪᠣᠯ ᠡᠨᠡ ᠲᠣᠭ᠎ᠠ ᠦᠰᠬᠦ ᠪᠣᠯᠤᠨ᠎ᠠ ᠭᠡᠵᠡᠢ᠃ ᠲᠡᠭᠦᠨ ᠦ ᠬᠡᠯᠡᠵᠦ ᠪᠤᠢ ᠪᠠᠷ᠂ ᠮᠣᠩᠭᠣᠯ ᠤᠯᠤᠰ ᠤᠨ 3.3 ᠰᠠᠶ᠎ᠠ ᠭᠠᠷᠤᠢ ᠬᠦᠮᠦᠨ ᠦ ᠠᠮᠠ ᠶᠢᠨ ᠭᠤᠷᠪᠠᠨ ᠤ ᠨᠢᠭᠡ ᠪᠤᠶᠤ 1.1 ᠰᠠᠶ᠎ᠠ ᠢᠷᠭᠡᠨ ᠬᠠᠯᠳᠠᠪᠤᠷᠢ ᠳᠦ ᠥᠷᠲᠦᠭᠰᠡᠨ ᠭᠡᠰᠡᠨ ᠦᠭᠡ ᠶᠤᠮ᠃

ᠰᠡᠳᠬᠢᠭᠳᠡᠯ ᠦᠯᠡᠳᠡᠭᠡᠬᠦ