ᠬᠡᠨᠲᠡᠢ ᠠᠶᠢᠮᠠᠭ ᠣᠲᠣᠷ ᠤᠨ ᠮᠠᠯᠴᠢᠳ ᠬᠦᠯᠢᠶᠡᠨ ᠠᠪᠬᠤ ᠦᠭᠡᠢ | News.MN

ᠬᠡᠨᠲᠡᠢ ᠠᠶᠢᠮᠠᠭ ᠣᠲᠣᠷ ᠤᠨ ᠮᠠᠯᠴᠢᠳ ᠬᠦᠯᠢᠶᠡᠨ ᠠᠪᠬᠤ ᠦᠭᠡᠢ

ᠣᠲᠣᠷ ᠢᠶᠠᠷ ᠢᠷᠡᠭᠰᠡᠨ ᠠᠶᠢᠯ ᠤᠳ ᠡᠷᠡᠰᠳᠡᠯ ᠳᠠᠭᠠᠭᠤᠯᠵᠤ ᠪᠠᠶᠢᠭ᠎ᠠ ᠲᠤᠯᠠ ᠡᠨᠡ ᠵᠢᠯ ᠬᠡᠨᠲᠡᠢ ᠠᠶᠢᠮᠠᠭ ᠣᠲᠣᠷ ᠤᠨ ᠮᠠᠯᠴᠢᠳ ᠬᠦᠯᠢᠶᠡᠨ ᠠᠪᠬᠤ ᠦᠭᠡᠢ ᠭᠡᠳᠡᠭ ᠢᠶᠡᠨ ᠮᠡᠳᠡᠭᠳᠡᠯ᠎ᠡ᠃ᠲᠣᠳᠣᠷᠠᠭᠤᠯᠪᠠᠯ᠂ ᠲᠤᠰ ᠠᠶᠢᠮᠠᠭ ᠤᠨ ᠨᠡᠷ᠎ᠡ ᠪᠦᠬᠦᠢ ᠭᠤᠷᠪᠠᠨ ᠰᠤᠮᠤᠨ ᠳᠤ ᠱᠦᠯᠬᠦᠭᠡ ᠡᠪᠡᠳᠴᠢᠨ ᠭᠠᠷᠤᠭᠠᠳ ᠪᠠᠶᠢᠭ᠎ᠠ ᠪᠥᠭᠡᠳ ᠣᠲᠣᠷ ᠤᠨ ᠠᠶᠢᠯ ᠠᠴᠠ ᠡᠪᠡᠳᠴᠢᠨ ᠦ ᠡᠬᠢ ᠡᠭᠦᠰᠪᠦᠷᠢ ᠭᠠᠷᠤᠭᠰᠠᠨ ᠬᠡᠮᠡᠨ ᠦᠵᠡᠵᠦ ᠪᠠᠶᠢᠭ᠎ᠠ ᠶᠤᠮ᠃ ᠡᠶᠢᠮᠦ ᠳᠦ ᠡᠨᠡ ᠵᠢᠯ ᠬᠡᠨᠲᠡᠢ ᠠᠶᠢᠮᠠᠭ ᠣᠲᠣᠷ ᠤᠨ ᠮᠠᠯᠴᠢᠳ ᠠᠪᠬᠤ ᠦᠭᠡᠢ ᠭᠡᠳᠡᠭ ᠢᠶᠡᠨ ᠰᠤᠮᠤᠳ ᠤᠨ ᠵᠠᠰᠠᠭ ᠳᠠᠷᠤᠭ᠎ᠠ ᠨᠠᠷ ᠲᠤ ᠮᠡᠳᠡᠭᠳᠡᠵᠦ᠂  ᠬᠡᠷᠦᠯᠦᠨ᠂ ᠪᠠᠶᠠᠨ-ᠤᠯᠠᠭᠠᠨ ᠤ ᠣᠲᠣᠷ ᠤᠨ ᠪᠥᠰᠡ ᠳᠦ ᠤᠷᠲᠤ ᠬᠤᠭᠤᠴᠠᠭᠠᠨ ᠤ ᠬᠢᠨᠠᠯᠲᠠ ᠶᠢᠨ ᠫᠣᠰᠲ ᠭᠠᠷᠭᠠᠭᠠᠳ ᠪᠠᠶᠢᠨ᠎ᠠ᠃
ᠥᠨᠥᠳᠥᠷ ᠠᠶᠢᠮᠠᠭ ᠤᠨ ᠵᠠᠰᠠᠭ ᠳᠠᠷᠤᠭ᠎ᠠ ᠼ ∙ ᠢᠳᠡᠷᠪᠠᠲᠤ ᠮᠠᠯ ᠡᠮᠨᠡᠯᠭᠡ ᠶᠢᠨ ᠭᠠᠵᠠᠷ᠂ ᠬᠥᠳᠡᠭᠡ ᠠᠵᠤ ᠠᠬᠤᠢ ᠶᠢᠨ ᠭᠠᠵᠠᠷ᠂ ᠣᠨᠴᠠᠭᠠᠢ ᠪᠠᠶᠢᠳᠠᠯ ᠤᠨ ᠭᠠᠵᠠᠷ᠂ ᠲᠠᠩᠨᠠᠭᠤᠯ ᠤᠨ ᠬᠡᠯᠲᠡᠰ᠂ ᠴᠠᠭᠳᠠᠭ᠎ᠠ ᠶᠢᠨ ᠭᠠᠵᠠᠷ ᠤᠨ ᠤᠳᠤᠷᠢᠳᠤᠯᠭ᠎ᠠ ᠨᠠᠷ ᠤᠨ ᠬᠠᠮᠲᠤ ᠪᠦᠬᠦ ᠰᠤᠮᠤ ᠶᠢᠨ ᠵᠠᠰᠠᠭ ᠳᠠᠷᠤᠭ᠎ᠠ ᠨᠠᠷ᠂  ᠬᠦᠳᠡᠭᠡ ᠠᠵᠤ ᠠᠬᠤᠢ ᠮᠠᠯ ᠡᠮᠨᠡᠯᠭᠡ ᠶᠢᠨ ᠲᠠᠰᠤᠭ᠂ ᠬᠤᠪᠢ ᠶᠢᠨ ᠮᠠᠯ ᠡᠮᠨᠡᠯᠭᠡ ᠨᠦᠭᠦᠳ᠂ ᠪᠠᠭ ᠤᠨ ᠵᠠᠰᠠᠭ ᠳᠠᠷᠤᠭ᠎ᠠ ᠨᠠᠷ᠂ ᠬᠡᠰᠡᠭ ᠦᠨ ᠲᠥᠯᠦᠭᠡᠯᠡᠭᠴᠢᠳ ᠲᠡᠢ ᠴᠠᠬᠢᠮ ᠢᠶᠠᠷ ᠬᠤᠷᠠᠯᠳᠤᠯ᠎ᠠ᠃

ᠰᠡᠳᠬᠢᠭᠳᠡᠯ ᠦᠯᠡᠳᠡᠭᠡᠬᠦ